︽ᠪᠣᠯᠣᠷ ᠴᠣᠮᠤ︾ᠨᠠᠭᠠᠳᠤᠮ ᠡᠨᠡ ᠰᠠᠷ᠎ᠠ ᠶᠢᠨ 24  ᠳᠤ ᠪᠣᠯᠤᠨ᠎ᠠ | News.MN

︽ᠪᠣᠯᠣᠷ ᠴᠣᠮᠤ︾ᠨᠠᠭᠠᠳᠤᠮ ᠡᠨᠡ ᠰᠠᠷ᠎ᠠ ᠶᠢᠨ 24  ᠳᠤ ᠪᠣᠯᠤᠨ᠎ᠠ

ᠡᠭᠡᠰᠢᠭᠯᠡᠩᠲᠦ ᠡᠬᠡ ᠶᠢᠨ ᠬᠡᠰᠢᠭᠲᠦ ᠨᠠᠶᠢᠷᠠᠭᠴᠢ ᠲᠣᠳᠣᠷᠠᠭᠤᠯᠬᠤ︽ᠪᠣᠯᠣᠷ ᠴᠣᠮᠤ – 40︾ᠢᠷᠠᠭᠤ ᠨᠠᠶᠢᠷᠠᠭ ᠤᠨ ᠨᠠᠭᠠᠳᠤᠮ ᠡᠨᠡ ᠰᠠᠷ᠎ᠠ ᠶᠢᠨ 24  ᠳᠤ ᠰᠣᠶᠤᠯ ᠤᠨ ᠲᠥᠪ ᠥᠷᠭᠦᠭᠡᠨ ᠳᠤ ᠪᠣᠯᠬᠤ ᠪᠠᠷ ᠲᠤᠪ ᠵᠠᠷᠯᠠᠵᠠᠢ᠃ ᠶᠡᠭᠡ ᠡᠵᠡᠨ ᠴᠢᠩᠭᠢᠰ ᠬᠠᠭᠠᠨ ᠤ ᠮᠡᠨᠳᠦᠯᠡᠭᠰᠡᠨ ᠤ 860 ᠵᠢᠯ ᠤᠨ ᠣᠢ ᠶᠢ ᠲᠠᠰᠢᠯᠠᠨ ᠶᠡᠭᠡ ᠬᠠᠭᠠᠨ ᠤ ᠰᠤᠤ ᠠᠯᠳᠠᠷ ᠢ ᠠᠯᠳᠠᠷᠰᠢᠭᠤᠯᠤᠨ ᠮᠥᠩᠬᠡᠯᠡᠬᠦ᠂ ᠦᠢᠯᠡᠰ ᠪᠦᠲᠦᠭᠡᠯ ᠢ ᠬᠤᠶᠢᠴᠢ ᠦᠶ᠎ᠡ ᠳᠡᠭᠡᠨ ᠲᠠᠨᠢᠭᠤᠯᠤᠨ ᠰᠤᠷᠲᠠᠯᠴᠢᠯᠠᠬᠤ ᠵᠣᠷᠢᠯᠭ᠎ᠠ ᠶᠢᠨ ᠬᠦᠷᠢᠶᠡᠨ ᠳᠤ︽ᠪᠣᠯᠣᠷ ᠴᠣᠮᠤ – 40︾ᠢᠷᠠᠭᠤ ᠨᠠᠶᠢᠷᠠᠭ ᠤᠨ ᠨᠠᠭᠠᠳᠤᠮ ᠪᠣᠯᠵᠤ ᠪᠣᠢ ᠪᠠᠷ ᠢᠶᠠᠨ ᠣᠨᠴᠠᠯᠢᠭ ᠲᠠᠢ᠃
︽ᠪᠣᠯᠣᠷ ᠴᠣᠮᠤ – 40︾ᠢᠷᠠᠭᠤ ᠨᠠᠶᠢᠷᠠᠭ ᠤᠨ ᠨᠠᠭᠠᠳᠤᠮ ᠳᠤ ᠪᠦᠲᠦᠭᠡᠯ ᠢᠶᠠᠨ ᠢᠷᠡᠭᠦᠯᠬᠦ ᠨᠠᠶᠢᠷᠠᠭᠴᠢᠳ ᠲᠤᠬᠠᠢ ᠶᠢᠨ ᠣᠨ ᠳᠤ ᠪᠢᠴᠢᠭᠰᠡᠨ ᠨᠣᠮ ᠭᠡᠪᠯᠡᠯ᠂ ᠴᠠᠬᠢᠮ ᠣᠷᠴᠢᠨ ᠳᠤ ᠨᠡᠶᠢᠲᠡᠯᠡᠭᠳᠡᠭᠡ ᠦᠭᠡᠢ ᠬᠤᠶᠠᠷ ᠰᠢᠯᠦᠭ ᠢ ᠮᠣᠩᠭᠣᠯ ᠤᠨ ᠵᠣᠬᠢᠶᠠᠯᠴᠢᠳ ᠤᠨ ᠡᠪᠯᠡᠯ ᠤᠨ ᠬᠤᠷᠢᠶᠠᠨ ᠳᠤ ᠥᠪᠡᠷ ᠤᠨ ᠪᠡᠶ᠎ᠡ ᠪᠠᠷ ᠠᠪᠴᠤ ᠢᠷᠠᠵᠤ ᠪᠦᠷᠢᠳᠬᠡᠭᠦᠯᠬᠦ ᠶᠤᠮ᠃ ᠨᠠᠭᠠᠳᠤᠮ ᠳᠤ ᠢᠷᠡᠭᠦᠯᠬᠦ ᠬᠤᠶᠠᠷ ᠪᠦᠲᠦᠭᠡᠯ ᠤᠨ ᠨᠢᠭᠡ ᠨᠢ ᠡᠵᠡᠨ ᠴᠢᠩᠭᠢᠰ ᠬᠠᠭᠠᠨ ᠤ ᠰᠤᠤ ᠠᠯᠳᠡᠷ᠂ ᠦᠢᠯᠡᠰ ᠪᠦᠲᠦᠭᠡᠯ ᠢ ᠠᠯᠳᠠᠷᠰᠢᠭᠤᠯᠤᠨ ᠳᠠᠭᠤᠯᠠᠭᠰᠠᠨ ᠤᠳᠬ᠎ᠠ ᠠᠭᠤᠯᠭ᠎ᠠ ᠪᠦᠬᠦᠢ ᠪᠠᠶᠢᠬᠤ ᠶᠣᠰᠤᠲᠠᠶ᠃

ᠰᠡᠳᠬᠢᠭᠳᠡᠯ ᠦᠯᠡᠳᠡᠭᠡᠬᠦ