ᠮᠠᠯᠴᠢᠨ ᠰ᠊ · ᠭᠤᠮᠪᠤ ᠬᠦᠨᠳᠦᠲᠦ ᠫᠷᠣᠹᠧᠰᠰᠣᠷ ᠪᠣᠯᠪᠠ | News.MN

 ᠮᠠᠯᠴᠢᠨ ᠰ᠊ · ᠭᠤᠮᠪᠤ ᠬᠦᠨᠳᠦᠲᠦ ᠫᠷᠣᠹᠧᠰᠰᠣᠷ ᠪᠣᠯᠪᠠ

ᠰᠡᠯᠡᠩᠭᠡ ᠠᠶᠢᠮᠠᠭ ᠤᠨ ᠮᠠᠨᠳᠤᠯ ᠰᠤᠮᠤ ᠶᠢᠨ︽ᠲᠠᠷᠨᠢ︾ᠨᠠᠢ᠌ᠮᠠᠳᠤᠭᠠᠷ ᠪᠠᠭ ᠤᠨ ᠮᠠᠯᠴᠢᠨ ᠰ᠊ · ᠭᠤᠮᠪᠤ ᠶᠢ ᠮᠣᠩᠭᠣᠯ ᠤᠨ ᠮᠠᠯ ᠠᠵᠤ ᠠᠬᠤᠢ ᠶᠢᠨ ᠠᠺᠠᠳᠧᠮᠢ ᠠᠴᠠ ᠵᠢᠭᠤᠬᠤ ᠪᠢᠴᠢᠭ᠂ ᠬᠦᠨᠳᠦᠲᠦ ᠫᠷᠣᠹᠧᠰᠰᠣᠷ ᠴᠣᠯᠠ ᠲᠡᠮᠳᠡᠭ ᠢᠶᠠᠷ ᠱᠠᠩᠨᠠᠵᠠᠢ᠃ ᠤᠭ ᠱᠠᠩᠨᠠᠯ ᠢ︽ᠲᠠᠷᠨᠢ︾ ᠨᠠᠢ᠌ᠮᠠᠳᠤᠭᠠᠷ ᠪᠠᠭ ᠤᠨ ᠵᠠᠰᠠᠭ ᠳᠠᠷᠤᠭ᠎ᠠ ᠨ᠊ · ᠪᠠᠲᠤᠪᠠᠶᠠᠷ᠂ ᠮᠠᠨᠳᠤᠯ ᠰᠤᠮᠤ ᠶᠢᠨ ᠮᠠᠯ ᠡᠮᠨᠡᠯᠭᠡ ᠶᠢᠨ ᠤᠯᠤᠰ ᠤᠨ ᠪᠠᠶᠢᠴᠡᠭᠠᠬᠴᠢ ᠪ ∙ ᠪᠠᠲᠤᠵᠣᠷᠢᠭ ᠭᠠᠷᠳᠠᠭᠤᠯᠤᠨ ᠥᠭᠭᠦᠭᠰᠡᠨ ᠪᠠᠶᠢᠨ᠎ᠡ᠃
ᠮᠣᠩᠭᠤᠯ ᠤᠯᠤᠰ ᠤᠨ ᠬᠡᠮᠵᠢᠶᠡᠨ ᠳᠤ ᠮᠠᠯ ᠠᠵᠤ ᠠᠬᠤᠢ ᠶᠢᠨ ᠫᠷᠣᠹᠧᠰᠰᠣᠷ ᠴᠣᠯᠠ ᠶᠢ ᠠᠩᠬ᠎ᠠ 52 ᠵᠢᠯ ᠤᠨ ᠡᠮᠦᠨ᠎ᠡ ᠪᠤᠯᠠᠭᠠᠨ ᠠᠶᠢᠮᠠᠭ ᠤᠨ ᠬᠦᠳᠡᠯᠮᠦᠷᠢ ᠶᠢᠨ ᠪᠠᠭᠠᠲᠤᠷ ᠬᠤᠨᠢᠴᠢᠨ ᠵ᠊·ᠸᠴᠢᠷ᠂ ᠬᠤᠪᠳᠤ ᠠᠶᠢᠮᠠᠭ ᠤᠨ ᠳᠠᠷᠪᠢ ᠰᠤᠮᠤ ᠶᠢᠨ ᠬᠦᠳᠡᠯᠮᠦᠷᠢ ᠶᠢᠨ ᠪᠠᠭᠠᠲᠤᠷ᠂ ᠲᠥᠷᠦ ᠶᠢᠨ ᠱᠠᠩᠨᠠᠯᠲᠤ ᠮᠠᠯᠴᠢᠨ ᠰ᠊ ·ᠴᠤᠭᠲᠤᠭᠡᠷᠡᠯ ᠨᠠᠷ ᠬᠦᠷᠲᠡᠵᠡᠢ᠃ ᠤᠯᠠᠮ ᠢᠶᠠᠷ 2005 ᠣᠨ ᠳᠤ ᠲᠥᠪ ᠠᠶᠢᠮᠠᠭ ᠤᠨ ᠪᠠᠶᠠᠨᠴᠠᠭᠠᠨ ᠰᠤᠮᠤ ᠶᠢᠨ ᠬᠠᠷᠢᠶᠡᠳᠦ ᠮᠣᠩᠭᠤᠯ ᠤᠯᠤᠰ ᠤᠨ ᠵᠠᠭᠤᠨ ᠤ ᠮᠡᠩᠯᠡᠢ ᠤᠶᠠᠭᠠᠴᠢ᠂ ᠭᠠᠪᠢᠶᠠᠲᠤ ᠮᠠᠯᠴᠢᠨ᠂ ᠬᠦᠳᠡᠯᠮᠦᠷᠢ ᠶᠢᠨ ᠪᠠᠭᠠᠲᠤᠷ ᠳ᠋᠊ · ᠳᠠᠸᠠᠬᠦᠦ ᠬᠦᠷᠲᠡᠭᠰᠡᠨ ᠪᠠᠶᠢᠨ᠎ᠡ᠃

ᠰᠡᠳᠬᠢᠭᠳᠡᠯ ᠦᠯᠡᠳᠡᠭᠡᠬᠦ