ᠮᠣᠩᠭᠤᠯ ᠣᠷᠤᠰ ᠤᠨ ᠵᠠᠰᠠᠭ ᠤᠨ ᠭᠠᠵᠠᠷ ᠬᠤᠭᠤᠷᠤᠨᠳᠤ ᠶᠢᠨ ᠺᠣᠮᠢᠰ ᠤᠨ 24 ᠳ᠋ᠤᠭᠡᠷ ᠬᠤᠷᠠᠯᠳᠤᠭᠠᠨ ᠣᠷᠣᠰ ᠲᠤ ᠪᠣᠯᠵᠤ ᠪᠠᠶᠢᠨ᠎ᠡ᠃ ᠬᠤᠷᠠᠯᠳᠤᠭᠠᠨ ᠢᠶᠠᠷ ᠵᠡᠮ ᠲᠡᠭᠡᠭᠡᠪᠦᠷᠢ ᠶᠢᠨ ᠰᠠᠯᠪᠤᠷᠢ ᠶᠢᠨ ᠬᠠᠷᠢᠯᠴᠠᠭ᠎ᠠ ᠬᠠᠮᠲᠤ ᠶᠢᠨ ᠠᠵᠢᠯᠯᠠᠭᠠᠨ ᠤ ᠲᠣᠳᠤᠷᠬᠠᠶ ᠠᠰᠠᠭᠤᠳᠠᠯ ᠢᠶᠠᠷ ᠣᠶᠢᠯᠠᠭᠠᠯᠴᠠᠯ ᠳᠤ ᠬᠦᠷᠦᠯ᠎ᠡ ᠭᠡᠵᠦ ᠵᠡᠮ ᠲᠡᠭᠡᠭᠡᠪᠦᠷᠢ ᠶᠢᠨ ᠬᠥᠭᠵᠢᠯ ᠤᠨ ᠰᠠᠶᠢᠳ ᠰ᠊ · ᠪᠢᠮᠪᠠᠴᠣᠭᠲᠤ ᠮᠡᠳᠡᠭᠡᠯᠡᠯ᠎ᠡ᠃ ᠲᠣᠳᠣᠷᠠᠭᠤᠯᠪᠠᠯ
︽ ᠪᠤᠭᠳᠠ ᠬᠠᠨ︾ᠲᠡᠮᠦᠷ ᠵᠡᠮ ᠲᠥᠰᠥᠯ ᠳᠡᠭᠡᠷ᠎ᠡ ᠬᠡᠷᠬᠢᠨ ᠶᠠᠭᠠᠬᠢᠵᠤ ᠬᠠᠮᠲᠤᠷᠠᠵᠤ ᠠᠵᠢᠯᠯᠠᠬᠤ ᠲᠣᠳᠤᠷᠬᠠᠶ ᠰᠢᠢᠳᠦᠯ ᠳᠤ ᠣᠶᠢᠷ᠎ᠠ ᠶᠢᠨ ᠦᠶ᠎ᠡ ᠳᠤ ᠬᠦᠷᠬᠦ ᠪᠠᠷ ᠪᠣᠯᠣᠯ᠎ᠠ᠃
ᠤᠳᠠᠬᠤ ᠦᠭᠡᠢ ᠵᠡᠭᠦᠨ ᠪᠠᠶᠠᠨ- ᠬᠠᠩᠭᠢ- ᠮᠠᠨᠳᠤᠯ ᠤᠨ ᠲᠡᠮᠦᠷ ᠵᠡᠮ ᠠᠰᠢᠭᠯᠠᠯᠲᠠ ᠳᠤ ᠣᠷᠣᠨ᠎ᠠ᠃ ᠲᠡᠭᠡᠪᠡᠯ ᠵᠡᠭᠦᠨ ᠪᠠᠶᠠᠨ- ᠬᠠᠩᠭᠢ ᠲᠡᠮᠦᠷ ᠵᠠᠮ ᠢᠶᠠᠷ ᠠᠴᠢᠶ᠎ᠠ ᠡᠷᠭᠢᠯᠲᠡ ᠶᠠᠪᠤᠬᠤ ᠪᠣᠯᠣᠮᠵᠢ ᠬᠦᠢᠴᠡᠦᠠ ᠪᠦᠷᠢᠳᠬᠦ ᠤᠴᠢᠷ ᠠᠴᠠ ᠰᠠᠶᠢᠨᠱᠠᠩᠳᠠ- ᠵᠡᠭᠦᠨ ᠪᠠᠶᠠᠨ ᠤ ᠲᠡᠮᠦᠷ ᠵᠠᠮ ᠢ ᠢᠷᠡᠬᠦ 2023 ᠣᠨ ᠳᠤ ᠰᠢᠨᠡᠴᠢᠯᠡᠬᠦ ᠪᠠᠷ ᠪᠣᠯᠣᠯ᠎ᠠ᠃
︽ᠤᠯᠠᠭᠠᠨᠪᠠᠭᠠᠲᠤᠷ ᠲᠡᠮᠦᠷ ᠵᠡᠮ︾280 ᠺᠢᠯᠣᠮᠧᠲᠷ ᠤᠷᠲᠤ ᠬᠤᠣᠰ ᠲᠡᠮᠦᠷ ᠵᠡᠮ ᠪᠡᠷᠢᠬᠤ᠂ 30 ᠰᠠᠶ᠎ᠠ ᠲᠤᠨ ᠠᠴᠢᠶ᠎ᠠ ᠲᠡᠭᠡᠭᠡᠪᠦᠷᠢᠯᠡᠬᠦ ᠬᠦᠴᠦᠨ ᠴᠢᠳᠠᠯ ᠢ 42 ᠰᠠᠶ᠎ᠠ ᠲᠤᠨ ᠪᠣᠯᠭᠠᠵᠤ ᠨᠡᠮᠡᠭᠳᠡᠭᠦᠯᠬᠦ ᠴᠢᠭᠯᠡᠯ ᠢᠶᠠᠷ ᠣᠶᠢᠯᠠᠭᠠᠯᠴᠠᠯ ᠳᠤ ᠬᠦᠷᠦᠯ᠎ᠡ᠃
ᠵᠡᠭᠦᠨ ᠪᠣᠰᠤᠭ᠎ᠠ ᠲᠡᠩᠬᠡᠯᠢᠭ ᠤᠨ ᠲᠡᠮᠦᠷ ᠵᠠᠮ ᠤᠨ ᠭᠤᠣᠯ ᠬᠡᠰᠡᠭ ᠪᠣᠯᠬᠤ ᠡᠷᠢᠶᠡᠨᠴᠠᠪ- ᠴᠣᠶᠢᠪᠠᠯᠰᠠᠩ ᠤᠨ ᠴᠢᠭᠯᠡᠯ ᠤᠨ ᠲᠡᠮᠦᠷ ᠵᠠᠮ ᠢ ᠰᠢᠨᠡᠴᠢᠯᠡᠬᠦ ᠳᠤ ᠣᠷᠤᠰ ᠤᠨ ᠲᠠᠯ᠎ᠠ ᠲᠠᠢ ᠬᠠᠮᠲᠤᠷᠠᠵᠤ ᠠᠵᠢᠯᠯᠠᠬᠤ ᠪᠠᠷ ᠪᠣᠯᠣᠯ᠎ᠠ᠃
ᠲᠡᠮᠦᠷ ᠵᠠᠮ ᠤᠨ ᠲᠷᠠᠨᠽᠢᠲ ᠪᠤᠯᠦᠠ ᠪᠤᠰᠤᠳ ᠲᠠᠷᠢᠹ ᠤᠨ ᠠᠰᠠᠭᠤᠳᠠᠯ ᠢᠶᠠᠷ ᠨᠢᠭᠡᠳᠦᠭᠰᠡᠨ ᠵᠥᠪᠰᠢᠯᠴᠡᠯ ᠳᠤ ᠬᠦᠷᠦᠯ᠎ᠡ᠃
ᠠᠭᠠᠷ ᠤᠨ ᠲᠡᠭᠡᠭᠡᠪᠦᠷᠢ ᠶᠢᠨ ᠰᠠᠯᠪᠤᠷᠢ ᠳᠤ ᠥᠨᠦ ᠶᠢᠨ ᠨᠥᠬᠦᠴᠡᠯ ᠪᠠᠶᠢᠳᠠᠯ ᠠᠴᠠ ᠰᠢᠯᠲᠠᠭᠠᠯᠠᠨ ᠬᠤᠶᠠᠷ ᠤᠯᠤᠰ ᠬᠤᠶᠠᠭᠤᠯᠠ ᠪᠠᠨ ᠤᠡᠭᠭᠤᠴᠠ ᠨᠢᠰᠬᠡᠬᠦ ᠦᠭᠡᠢ ᠪᠠᠶᠢᠭ᠎ᠠ᠃ ᠲᠡᠭᠡᠪᠡᠯ ᠮᠣᠰᠻᠸᠠ ᠤᠯᠠᠭᠠᠨᠪᠠᠭᠠᠲᠤᠷ ᠪᠤᠯᠦᠠ ᠨᠣᠸᠣᠰᠢᠪᠢᠷᠰᠺ᠂ ᠡᠺᠠᠲ᠋ᠧᠷᠢᠨᠪᠦ᠋ᠷᠡᠭ᠂ ᠺᠷᠠᠨᠰᠨᠤᠶᠠᠷᠰᠺ ᠴᠢᠭᠯᠡᠯ ᠳᠤ ᠨᠢᠰᠦᠯᠭᠡ ᠡᠬᠢᠯᠡᠭᠦᠯᠬᠦ ᠠᠰᠠᠭᠤᠳᠠᠯ ᠢ ᠬᠦᠨᠳᠡᠯᠡ᠃
ᠰᠠᠶ᠋ᠢᠬᠠᠨ ᠪᠦᠷᠢᠠ ᠠᠰᠢᠭᠯᠠᠯᠲᠠ ᠳᠤ ᠣᠷᠣᠭᠰᠠᠨ ᠪᠠᠷᠠᠭᠤᠨ ᠪᠣᠰᠤᠭ᠎ᠠ ᠲᠡᠩᠬᠡᠯᠢᠭ ᠤᠨ ᠠᠽᠢᠶ᠎ᠠ ᠡᠸᠦ᠋ᠷᠦᠫᠡ ᠶᠢ ᠬᠤᠯᠪᠣᠭᠰᠠᠨ 745 ᠺᠢᠯᠣᠮᠧᠲᠷ ᠠᠦ᠋ᠲ᠋ᠣ᠋ ᠵᠠᠮ ᠢᠶᠠᠷ ᠲᠷᠠᠨᠽᠢᠲ ᠲᠡᠭᠡᠭᠡᠪᠦᠷᠢ ᠶᠢ ᠨᠡᠮᠡᠭᠳᠡᠭᠦᠯᠬᠦ ᠴᠢᠭᠯᠡᠯ ᠳᠤ ᠬᠠᠮᠲᠤᠷᠠᠵᠤ ᠠᠵᠢᠯᠯᠠᠬᠤ ᠪᠠᠷ ᠲᠣᠭᠲᠠᠯ᠎ᠠ᠃