ᠳᠣᠷᠤᠨᠠᠭᠤᠪᠢ ᠠᠶᠢᠮᠠᠭ ᠤᠨ ᠬᠠᠲᠠᠨᠪᠤᠯᠠᠭ ᠰᠤᠮᠤ ᠶᠢᠨ ᠨᠤᠳᠤᠬ ᠬᠠᠩᠭᠢ ᠮᠠᠨᠳᠤᠯ ᠤᠨ ᠪᠣᠭᠤᠮᠲᠠ ᠶᠢᠨ ᠣᠶᠢᠷᠠᠯᠴᠠᠭ᠎ᠠ ᠳᠡᠯᠡᠬᠡᠢ ᠶᠢᠨ ᠬᠠᠮᠤᠬ ᠤᠨ ᠲᠣᠮᠤ ᠭᠡᠷ ᠢ ᠪᠣᠰᠬᠠᠵᠠᠢ᠃
ᠥᠪᠥᠷ ᠮᠣᠩᠭᠤᠯ ᠬᠥᠮᠥᠨ ᠤ ᠵᠠᠬᠢᠶᠠᠯᠠᠭ᠎ᠠ ᠪᠠᠷ ᠮᠣᠩᠭᠤᠯ ᠤᠷᠠᠯᠠᠭᠠᠴᠢᠳ ᠤᠨ ᠤᠷᠠᠯᠠᠭᠰᠠᠨ 28.81 ᠮᠧᠲᠷ ᠳ᠋ᠢᠶᠠᠮᠧᠲᠷ ᠲᠠᠢ 36 ᠬᠠᠨ᠎ᠠ ᠲᠠᠢ ᠭᠡᠷ ᠤᠨ ᠤᠨᠢᠨ ᠤ ᠤᠷᠲᠤ ᠨᠢ 11.40 ᠮᠧᠲᠷ᠂ ᠦᠡᠳᠦᠷ ᠨᠢ 14 ᠮᠧᠲᠷ ᠪᠤᠶᠤ ᠭᠤᠷᠪᠠᠨ ᠳᠠᠪᠬᠤᠷ ᠪᠠᠶᠢᠰᠢᠩ ᠲᠠᠢ ᠲᠡᠩᠴᠡᠬᠦ ᠶᠤᠮ᠃ ᠨᠡᠶᠢᠲᠡ 1800 ᠮᠧᠲᠷ ᠢᠰᠡᠭᠡᠶ ᠣᠷᠣᠭᠰᠠᠨ᠂ 1000 ᠬᠠᠪᠲᠠᠭᠠᠶ ᠳᠥᠷᠪᠡᠯᠵᠢᠨ ᠮᠧᠲᠷ ᠲᠠᠯᠠᠪᠠᠢ ᠲᠠᠢ ᠭᠡᠷ ᠲᠤ ᠨᠢᠭᠡ ᠳᠤᠤᠷ᠎ᠠ 500 ᠬᠥᠮᠦᠨ ᠬᠦᠯᠢᠶᠡᠨ ᠠᠪᠬᠤ ᠪᠠᠭᠲᠠᠭᠠᠮᠵᠢ ᠲᠠᠢ ᠪᠥᠭᠡᠳ ᠲᠣᠮᠤ ᠭᠡᠷ ᠤᠳ ᠤᠨ ᠬᠤᠪᠢ ᠳᠤ ᠤᠨᠢᠨ ᠤ ᠳᠠᠭᠠᠭᠠᠴᠠ ᠶᠢ ᠠᠪᠬᠤ ᠶᠢᠨ ᠲᠤᠯᠠᠳᠠ ᠳᠤᠮᠳᠠ ᠨᠢ ᠣᠯᠠᠨ ᠪᠠᠭᠠᠨ᠎ᠠ ᠬᠢᠳᠡᠭ ᠪᠣᠯ ᠲᠤᠰ ᠭᠡᠷ ᠨᠢ ᠮᠣᠩᠭᠤᠯ ᠭᠡᠷ ᠤᠨ ᠤᠯᠠᠮᠵᠢᠯᠠᠯᠲᠤ ᠬᠢᠴᠡ ᠵᠠᠭᠪᠤᠷ ᠢᠶᠠᠷ ᠵᠥᠪᠬᠡᠨ ᠭᠤᠣᠯ ᠳᠠᠭᠠᠨ ᠳᠥᠷᠪᠡᠨ ᠪᠠᠭᠠᠨ᠎ᠠ ᠲᠠᠢ᠂ ᠤᠨᠢ ᠶᠢ ᠨᠤᠮᠤᠨ ᠬᠡᠯᠪᠡᠷᠢ ᠲᠠᠢ ᠪᠦᠲᠦᠭᠡᠭᠰᠡᠨ ᠪᠠᠶᠢᠨ᠎ᠡ᠃
ᠲᠤᠰ ᠭᠡᠷ ᠢ ᠠᠶᠠᠯᠠᠯ ᠵᠢᠭᠤᠯᠴᠢᠯᠠᠯ ᠤᠨ ᠵᠣᠷᠢᠭᠤᠯᠤᠯᠲᠠ ᠪᠠᠷ ᠠᠰᠢᠭᠯᠠᠬᠤ ᠪᠥᠭᠡᠳ 2018 ᠣᠨ ᠳᠤ ᠭᠢᠨᠢᠰ ᠲᠤ ᠪᠦᠷᠢᠳᠬᠡᠭᠰᠡᠨ ᠪᠠᠶᠢᠨ᠎ᠡ᠃ ᠬᠠᠲᠠᠨᠪᠤᠯᠠᠭ ᠲᠡᠬᠢ ᠬᠠᠩᠭᠢ ᠪᠣᠭᠤᠮᠲᠠ ᠨᠢ ᠴᠢᠨᠠᠭᠰᠢ ᠳᠤ ᠪᠠᠨ ᠠᠶᠠᠯᠠᠯ ᠵᠢᠭᠤᠯᠴᠢᠯᠠᠯ ᠤᠨ ᠲᠣᠮᠤᠬᠠᠨ ᠪᠦᠰᠡ ᠪᠣᠯᠬᠤ ᠪᠣᠯᠣᠮᠵᠢ ᠲᠠᠢ ᠶᠤᠮ᠃