ᠴᠠᠭᠠᠰᠤᠨ ᠪᠤᠯᠦᠠ ᠳᠠᠪᠤᠤ ᠶᠢᠨ ᠡᠳ᠋ᠯᠡᠯ ᠰᠡᠷᠭᠦᠭᠡᠨ ᠵᠠᠰᠠᠪᠤᠷᠢᠯᠠᠬᠤ ᠰᠤᠷᠭᠠᠯᠲᠠ ᠪᠤᠯᠤᠯ᠎ᠠ | News.MN

ᠴᠠᠭᠠᠰᠤᠨ ᠪᠤᠯᠦᠠ ᠳᠠᠪᠤᠤ ᠶᠢᠨ ᠡᠳ᠋ᠯᠡᠯ ᠰᠡᠷᠭᠦᠭᠡᠨ ᠵᠠᠰᠠᠪᠤᠷᠢᠯᠠᠬᠤ ᠰᠤᠷᠭᠠᠯᠲᠠ ᠪᠤᠯᠤᠯ᠎ᠠ

ᠭᠠᠨᠳᠠᠨᠳᠡᠭᠴᠢᠯᠡᠨ ᠬᠡᠶᠢᠳ ᠪᠤᠯ ᠮᠣᠩᠭᠣᠯ ᠤᠨ ᠬᠠᠮᠤᠬ ᠤᠨ ᠲᠣᠮᠤ ᠰᠤᠳᠤᠷ ᠤᠨ ᠴᠤᠭᠯᠠᠭᠤᠯᠭ᠎ᠠ ᠲᠠᠢ ᠰᠦᠮ᠎ᠡ ᠶᠤᠮ᠃   ᠲᠡᠳᠡ ᠭᠧᠷᠮᠠᠨ ᠤ ᠮᠡᠷᠭᠡᠵᠢᠯ ᠤᠨ ᠰᠡᠷᠭᠦᠭᠡᠨ ᠵᠠᠰᠠᠪᠤᠷᠢᠯᠠᠭᠴᠢ ᠳ᠋ᠢᠷᠺ  ᠹᠧᠷᠯᠠᠮᠠᠨ᠂ ᠸᠢᠤᠯᠠ ᠪᠠᠶᠧᠷ ᠨᠠᠷ ᠤᠨ ᠤᠳᠦᠷᠢᠳᠦᠯᠭ᠎ᠠ ᠳ᠋ᠤᠷ ᠣᠷᠴᠢᠨ ᠦᠶ᠎ᠡ ᠶᠢᠨ ᠰᠲ᠋ᠠᠨᠳᠠᠷᠲ ᠲᠤ ᠨᠡᠶᠢᠴᠡᠬᠦ ᠰᠡᠷᠭᠦᠭᠡᠨ ᠵᠠᠰᠠᠪᠤᠷᠢᠯᠠᠬᠤ ᠤᠷᠠᠯᠠᠩ ᠢ 2017 ᠣᠨ ᠳᠤ ᠪᠠᠶᠢᠭᠤᠯᠵᠤ᠂ 2019 ᠣᠨ ᠳᠤ ᠠᠯᠪᠠᠨ ᠶᠣᠰᠤᠭᠠᠷ ᠨᠡᠭᠡᠭᠡᠭᠰᠡᠨ ᠪᠢᠯᠡ᠃ ᠡᠨᠡ ᠦᠶ᠎ᠡ ᠠᠴᠠ ᠬᠤᠶᠢᠰᠢ  ᠭᠧᠷᠮᠡᠨᠴᠦᠳ ᠯᠠᠮ᠎ᠠ ᠬᠤᠸᠠᠷᠠᠭ ᠤᠳ ᠲᠤ ᠵᠣᠷᠢᠭᠤᠯᠤᠭᠰᠠᠨ ᠰᠤᠷᠭᠠᠯᠲᠠ ᠶᠢ ᠵᠢᠯ ᠪᠦᠷᠢ ᠵᠣᠬᠢᠶᠠᠨ ᠪᠠᠶᠢᠭᠤᠯᠬᠤ ᠪᠣᠯᠵᠠᠢ᠃

ᠡᠨᠡ ᠵᠢᠯ ᠸᠢᠤᠯᠠ ᠪᠠᠶᠧᠷ ᠂ ᠹᠢᠯᠢᠫᠫ ᠺᠤᠾᠧᠨᠳ᠋ᠶᠤᠷᠹᠧᠷ ᠨᠠᠷ ᠤᠨ ᠰᠡᠷᠭᠦᠭᠡᠨ ᠵᠠᠰᠠᠪᠤᠷᠢᠯᠠᠭᠴᠢᠳ  ᠮᠣᠩᠭᠤᠯ ᠤᠯᠤᠰ ᠲᠤ ᠬᠦᠷᠦᠯᠴᠡᠨ ᠢᠷᠠᠵᠤ᠂ 2022 ᠣᠨ ᠤ ᠠᠷᠪᠠᠳᠤᠭᠠᠷ ᠰᠠᠷ᠎ᠠ ᠶᠢᠨ 17-21  ᠳᠤ ᠰᠤᠷᠭᠠᠯᠲᠠ ᠪᠠᠨ ᠵᠣᠬᠢᠶᠠᠨ ᠪᠠᠶᠢᠭᠤᠯᠤᠯ᠎ᠠ᠃ ᠲᠡᠳᠡᠨ ᠦ ᠤᠳᠦᠷᠢᠳᠦᠯᠭ᠎ᠠ ᠳᠤᠤᠷ᠎ᠠ  ᠭᠠᠨᠳᠠᠨᠳᠡᠭᠴᠢᠯᠡᠨ ᠬᠡᠶᠢᠳ ᠤᠨ ᠨᠣᠮ ᠤᠨ ᠰᠠᠩᠴᠢᠳ ᠰᠡᠷᠭᠦᠭᠡᠨ ᠵᠠᠰᠠᠪᠤᠷᠢᠯᠠᠬᠤ ᠮᠡᠳᠡᠯᠭᠡ ᠪᠠᠨ ᠤᠯᠠᠮ ᠭᠦᠨᠵᠡᠭᠡᠶᠢᠷᠡᠭᠦᠯᠵᠦ᠂ ᠣᠯᠠᠨ ᠰᠢᠨ᠎ᠡ ᠠᠷᠭ᠎ᠠ ᠪᠠᠷᠢᠯ ᠳᠤ ᠰᠤᠷᠤᠯᠴᠠᠪᠠ᠃

ᠰᠡᠳᠬᠢᠭᠳᠡᠯ ᠦᠯᠡᠳᠡᠭᠡᠬᠦ