ᠮᠣᠩᠭᠣᠯ ᠤᠨ ᠠᠭᠤᠯᠠᠴᠢᠨ ᠪᠦᠰᠡᠭᠦᠢ ᠪ ∙ ᠲᠡᠭᠦᠰᠵᠢᠷᠭᠠᠯ 2022 ᠣᠨ ᠤ 11 ᠳ᠋ᠤᠭᠡᠷ ᠰᠠᠷ᠎ᠠ ᠶᠢᠨ 14 ᠤ ᠣᠷᠣᠨ ᠨᠤᠲᠤᠭ ᠤᠨ ᠴᠠᠭ ᠢᠶᠠᠷ 10:05 ᠴᠠᠭ ᠲᠤ ᠾᠢᠮᠠᠯᠢ ᠶᠢᠨ ᠨᠢᠷᠤᠭᠤᠨ ᠤ ᠦᠵᠡᠰᠬᠦᠯᠡᠩᠲᠦ ᠣᠷᠭᠢᠯ ᠤᠨ ᠨᠢᠭᠡ ᠪᠣᠯᠬᠤ 6812 ᠮᠧᠲᠷ ᠤᠨ ᠥᠨᠳᠦᠷᠯᠢᠭ ᠲᠤ ᠣᠷᠤᠰᠢᠬᠤ ᠠᠮᠠᠳᠠᠪᠯᠠᠮ ᠤᠨ ᠣᠷᠤᠢ ᠳᠤ ᠠᠮᠵᠢᠯᠲᠠᠲᠠᠶ ᠭᠠᠷᠴᠠᠢ᠃
ᠲᠡᠷᠡ ᠪᠠᠷ ᠡᠨᠡ ᠬᠦ ᠰᠦᠷᠯᠢᠭ ᠣᠷᠭᠢᠯ ᠳᠤ ᠭᠠᠷᠤᠭᠰᠠᠨ ᠠᠩᠬᠠᠨ ᠤ ᠮᠣᠩᠭᠤᠯ ᠡᠮᠡᠭᠳᠡᠢ ᠠᠭᠤᠯᠠᠴᠢᠨ ᠪᠣᠯᠣᠭᠰᠠᠨ ᠪᠠᠶᠢᠨ᠎ᠡ᠃ ᠠᠮᠠᠳᠠᠪᠯᠠᠮ ᠣᠷᠭᠢᠯ ᠳᠤ ᠮᠠᠨ ᠤ ᠤᠯᠤᠰ ᠤᠨ ᠠᠭᠤᠯᠠᠴᠢᠳ ᠠᠴᠠ ᠡᠮᠴᠢ ᠯ᠊ · ᠪᠠᠶᠠᠷᠰᠠᠶᠢᠬᠠᠨ 2012 ᠣᠨ ᠳᠤ ᠭᠠᠷᠴᠤ ᠪᠠᠶᠢᠵᠠᠢ᠃