ᠤᠯᠤᠰ ᠤᠨ ᠲᠡᠭᠡᠳᠦ ᠰᠢᠭᠦᠬᠦ ᠶᠢᠨ ᠡᠷᠡᠭᠦᠦ ᠶᠢᠨ ᠬᠡᠷᠡᠭ ᠤᠨ ᠲᠠᠩᠬᠢᠮ ᠤᠨ ᠲᠡᠷᠢᠬᠦᠠ ᠴ᠊ · ᠬᠤᠣᠰᠪᠠᠶᠠᠷ᠂ ᠰᠢᠭᠦᠭᠴᠢ ᠪ ∙ ᠪᠠᠲᠤᠴᠡᠷᠡᠨ᠂ ᠳ᠋᠊ · ᠡᠷᠳᠡᠨᠢᠪᠠᠯᠰᠦ᠋ᠷᠦᠩ ᠨᠠᠷ ᠨᠢᠭᠡᠳᠦᠭᠰᠡᠨ ᠦᠨᠳᠦᠰᠦᠨ ᠤ ᠪᠠᠶᠢᠭᠤᠯᠤᠯᠭ᠎ᠠ ᠶᠢᠨ ᠬᠥᠮᠥᠨ ᠤ ᠡᠷᠬᠡ ᠶᠢᠨ ᠲᠡᠭᠡᠳᠦ ᠺᠣᠮᠢᠰᠰᠠᠷ ᠤᠨ ᠭᠠᠵᠠᠷ ᠤᠨ ᠮᠣᠩᠭᠤᠯ ᠤᠯᠤᠰ ᠢ ᠬᠠᠷᠢᠭᠤᠴᠠᠭᠰᠠᠨ ᠠᠵᠢᠯᠲᠠᠨ ᠰᠧᠪᠠᠰᠲ᠋ᠢᠶᠠᠨ ᠭᠢᠶᠤ᠋ ᠶᠢ ᠠᠷᠪᠠᠨ ᠨᠢᠭᠡᠳᠦᠭᠡᠷ ᠰᠠᠷ᠎ᠠ ᠶᠢᠨ 15 ᠤ ᠡᠳᠦᠷ ᠬᠦᠯᠢᠶᠡᠨ ᠠᠪᠴᠤ ᠠᠭᠤᠯᠵᠠᠯ᠎ᠠ᠃ ᠴ᠊ ·ᠬᠤᠣᠰᠪᠠᠶᠠᠷ ᠳᠠᠶᠠᠩ ᠳᠡᠯᠡᠬᠡᠢ ᠳᠤ ᠬᠥᠮᠥᠨ ᠤ ᠡᠷᠬᠡ ᠶᠢᠨ ᠮᠠᠨᠠᠭᠠᠨ ᠳᠤ ᠵᠣᠭᠰᠣᠵᠤ ᠪᠤᠶ ᠲᠤᠰ ᠪᠠᠶᠢᠭᠤᠯᠤᠯᠭ᠎ᠠ ᠶᠢᠨ ᠲᠥᠯᠥᠭᠡᠯᠡᠯ ᠲᠠᠢ ᠠᠭᠤᠯᠵᠠᠵᠤ ᠪᠣᠢ ᠳᠤ ᠪᠠᠨ ᠲᠠᠭᠠᠲᠠᠢ ᠪᠠᠶᠢᠨ᠎ᠡ ᠭᠡᠳ ᠵᠥᠷᠢᠴᠡᠭᠳᠡᠭᠰᠡᠨ ᠡᠷᠬᠡ ᠶᠢ ᠰᠡᠷᠭᠦᠭᠡᠬᠦ ᠨᠢ ᠰᠢᠭᠦᠬᠦ ᠶᠢᠨ ᠭᠤᠣᠯ ᠵᠣᠷᠢᠯᠲᠠ ᠶᠢᠨ ᠨᠢᠭᠡ ᠲᠤᠯᠠ ᠡᠨᠡ ᠴᠢᠭᠯᠡᠯ ᠢᠶᠠᠷ ᠪᠦᠬᠦᠢ ᠯᠡ ᠲᠦᠪᠰᠢᠨ ᠳᠤ ᠬᠠᠮᠲᠤᠷᠠᠨ ᠠᠵᠢᠯᠯᠠᠬᠤ ᠳᠤ ᠪᠡᠯᠡᠨ ᠭᠡᠳᠡᠭ ᠢᠶᠡᠨ ᠢᠯᠡᠷᠬᠡᠶᠢᠯᠡᠪᠡ᠃
ᠨᠣᠶᠠᠨ ᠰᠧᠪᠠᠰᠲ᠋ᠢᠶᠠᠨ ᠭᠢᠶᠤ᠋ ᠮᠣᠩᠭᠤᠯ ᠤᠯᠤᠰ ᠬᠥᠮᠥᠨ ᠤ ᠡᠷᠬᠡ ᠶᠢ ᠬᠠᠮᠡᠭᠠᠯᠡᠬᠤ ᠴᠢᠭᠯᠡᠯ ᠳᠤ ᠣᠯᠠᠨ ᠠᠵᠢᠯ ᠬᠢᠵᠦ ᠪᠤᠢ ᠶᠢ ᠣᠨᠴᠠᠯᠠᠭᠠᠳ ᠰᠢᠭᠦᠬᠦ ᠶᠢᠨ ᠬᠥᠮᠥᠨ ᠤ ᠨᠥᠭᠡᠴᠡ ᠶᠢᠨ ᠴᠢᠳᠠᠪᠬᠢ ᠶᠢ ᠪᠠᠬᠢᠵᠢᠭᠦᠯᠬᠦ᠂ ᠲᠧᠭᠨᠢᠭ ᠬᠡᠷᠡᠭᠰᠡᠯ ᠤᠨ ᠲᠣᠳᠤᠷᠬᠠᠶ ᠲᠤᠰᠠᠯᠠᠯᠴᠠᠭ᠎ᠠ ᠦᠵᠡᠭᠦᠯᠬᠦ᠂ ᠬᠥᠮᠥᠨ ᠤ ᠡᠷᠬᠡ ᠶᠢ ᠬᠠᠮᠡᠭᠠᠯᠡᠬᠤ ᠠᠷᠭ᠎ᠠ ᠮᠧᠬᠠᠨᠢᠰᠮ ᠤᠨ ᠴᠢᠭᠯᠡᠯ ᠢᠶᠠᠷ ᠬᠠᠮᠲᠤᠷᠠᠨ ᠠᠵᠢᠯᠯᠠᠬᠤ ᠪᠣᠯᠣᠮᠵᠢᠲᠠᠢ ᠪᠠᠨ ᠲᠡᠮᠳᠡᠭᠯᠡᠯ᠎ᠡ ᠃