︽ᠰᠣᠶᠤᠯ ᠤᠨ ᠪᠦᠲᠦᠭᠡᠯᠴᠢ ᠰᠠᠷ᠎ᠠ︾ ᠶᠢᠨ ᠬᠦᠷᠢᠶᠡᠨ ᠳᠤ ᠴᠢᠯᠦᠭᠡᠳᠦ ᠬᠡᠷᠡᠯ ᠵᠢᠷᠤᠭᠴᠢᠳ ᠤᠨ 50 ᠪᠦᠲᠦᠭᠡᠯ ᠠᠴᠠ ᠪᠦᠷᠢᠳᠬᠦ︽ᠠᠭᠤᠷ ᠠᠮᠢᠰᠬᠤᠯ ᠤᠨ ᠥᠭᠡᠷᠡᠴᠢᠯᠡᠯᠲᠡ︾ᠬᠡᠷᠡᠯ ᠵᠢᠷᠤᠭ ᠤᠨ ᠦᠵᠡᠰᠬᠦᠯᠡᠩ ᠢ ᠲᠣᠯᠢᠯᠠᠭᠤᠯᠵᠤ ᠪᠠᠶᠢᠨ᠎ᠡ᠃ ᠮᠣᠩᠭᠤᠯ ᠤᠯᠤᠰ ᠨᠢ ᠭᠠᠵᠠᠷ ᠵᠦᠢ ᠶᠢᠨ ᠪᠠᠶᠢᠷᠢᠰᠢᠯ᠂ ᠠᠭᠤᠷ ᠠᠮᠢᠰᠬᠤᠯ ᠤᠨ ᠨᠥᠬᠦᠴᠡᠯ᠂ ᠡᠳ᠋ ᠤᠨ ᠵᠠᠰᠠᠭ ᠤᠨ ᠰᠠᠯᠪᠤᠷᠢ ᠨᠤᠭᠤᠳ ᠤᠨ ᠪᠦᠲᠦᠴᠡ᠂ ᠬᠥᠮᠦᠨ ᠠᠮᠠ ᠶᠢᠨ ᠠᠮᠢᠳᠤᠷᠠᠯ ᠤᠨ ᠬᠡᠪ ᠮᠠᠶ᠋ᠢᠭ ᠵᠡᠷᠭᠡ ᠠᠴᠠ ᠰᠢᠯᠲᠠᠭᠠᠯᠠᠵᠤ ᠠᠭᠤᠷ ᠠᠮᠢᠰᠬᠤᠯ ᠤᠨ ᠥᠭᠡᠷᠡᠴᠢᠯᠡᠯᠲᠡ ᠳᠤ ᠨᠡᠩ ᠡᠮᠵᠡᠭ ᠣᠷᠣᠨ ᠨᠤᠭᠤᠳ ᠤᠨ ᠨᠢᠭᠡ ᠳᠤ ᠣᠷᠣᠭᠠᠳ ᠪᠠᠶᠢᠨ᠎ᠡ᠃
ᠦᠵᠡᠰᠬᠦᠯᠡᠩ ᠮᠣᠩᠭᠣᠯ ᠤᠨ ᠲᠢᠶᠠᠲᠷ ᠤᠨ ᠮᠦᠽᠧᠢ ᠳᠤ ᠡᠨᠡ ᠰᠠᠷ᠎ᠠ ᠶᠢᠨ 19 ᠢ ᠳᠠᠭᠤᠰᠲᠠᠯ᠎ᠠ ᠭᠠᠷᠤᠨ᠎ᠠ᠃