ᠣᠨ ᠭᠠᠷᠤᠭᠰᠠᠨ ᠠᠴᠠ ᠨᠠᠰᠢ 24.3 ᠰᠠᠶ᠎ᠠ ᠲᠤᠨ ᠨᠡᠭᠦᠷᠡᠰᠦ ᠡᠺᠰᠫᠣᠷᠲᠯᠠᠭᠰᠠᠨ ᠨᠢ ᠡᠮᠦᠨᠡᠬᠢ ᠣᠨ ᠤ ᠮᠦᠠ ᠦᠶ᠎ᠡ ᠶᠢᠨ ᠬᠡᠮᠵᠢᠶᠡᠨ ᠠᠴᠠ 71 ᠬᠤᠪᠢ ᠪᠠᠷ ᠥᠰᠦᠭᠰᠡᠨ ᠦᠵᠡᠭᠦᠯᠦᠯᠲᠡ᠃ ᠲᠠᠢᠯᠤᠩᠲᠤ ᠬᠤᠭᠤᠴᠠᠭᠠᠨ ᠳᠤ 1.2 ᠰᠠᠶ᠎ᠠ ᠲᠤᠨ ᠵᠡᠰ ᠤᠨ ᠪᠠᠶᠠᠵᠢᠮᠠᠯ ᠡᠺᠰᠫᠣᠷᠲᠯᠠᠭᠰᠠᠨ ᠨᠢ ᠥᠩᠭᠡᠷᠡᠭᠴᠢ ᠣᠨ ᠤ ᠮᠦᠠ ᠦᠶ᠎ᠡ ᠠᠴᠠ 1.5 ᠬᠤᠪᠢ ᠶᠢᠨ ᠥᠰᠦᠯᠲᠡ ᠲᠠᠢ ᠪᠠᠶᠢᠨ᠎ᠡ᠃
ᠲᠡᠮᠦᠷ ᠤᠨ ᠬᠦᠳᠡᠷ᠂ ᠪᠠᠶᠠᠵᠢᠮᠠᠯ ᠣᠨ ᠤ ᠡᠬᠢᠨ ᠠᠴᠠ ᠨᠡᠶᠢᠲᠡ 4 ᠰᠠᠶ᠎ᠠ ᠲᠤᠨ ᠡᠺᠰᠫᠣᠷᠲᠯᠠᠭᠰᠠᠨ ᠨᠢ ᠥᠩᠭᠡᠷᠡᠭᠴᠢ ᠣᠨ ᠤ ᠮᠦᠠ ᠦᠶ᠎ᠡ ᠠᠴᠠ 40 ᠬᠤᠪᠢ ᠪᠠᠷ ᠪᠠᠭᠤᠷᠠᠵᠠᠢ᠃ ᠲᠥᠪ ᠪᠠᠩᠬᠢ ᠣᠨ ᠤ ᠡᠬᠢᠨ ᠠᠴᠠ ᠡᠨᠡ ᠰᠠᠷ᠎ᠠ ᠶᠢᠨ 10 ᠤ ᠡᠳᠦᠷ ᠤᠨ ᠪᠠᠶᠢᠳᠠᠯ ᠢᠶᠠᠷ 18.25 ᠲᠣᠨ ᠠᠯᠳᠠ ᠬᠤᠳᠠᠯᠳᠤᠨ ᠠᠪᠴᠠᠢ᠃ ᠡᠷᠦᠳᠡᠰᠦ ᠪᠦᠲᠦᠭᠡᠭᠳᠡᠬᠦᠨ ᠤ ᠨᠡᠶᠢᠲᠡ ᠡᠺᠰᠫᠣᠷᠲ ᠳᠤᠮᠳᠠᠴᠢ ᠪᠠᠷ 90 ᠬᠤᠪᠢ ᠶᠢᠨ ᠭᠦᠢᠴᠡᠳᠬᠡᠯ ᠲᠠᠢ ᠪᠠᠶᠢᠨ᠎ᠡ᠃