︽ᠡᠷᠳᠡᠨᠢᠰ ᠮᠣᠩᠭᠤᠯ︾᠄ ᠴᠠᠬᠢᠮ ᠳᠤ ᠰᠢᠯᠵᠢᠭᠰᠡᠨ ᠢᠶᠠᠷ ᠠᠰᠢᠭᠲᠤ ᠠᠵᠢᠯᠯᠠᠭ᠎ᠠ 30-40 ᠬᠤᠪᠢ ᠪᠠᠷ ᠨᠡᠮᠡᠭᠳᠡᠨ᠎ᠡ | News.MN

︽ᠡᠷᠳᠡᠨᠢᠰ ᠮᠣᠩᠭᠤᠯ︾᠄ ᠴᠠᠬᠢᠮ ᠳᠤ ᠰᠢᠯᠵᠢᠭᠰᠡᠨ ᠢᠶᠠᠷ ᠠᠰᠢᠭᠲᠤ ᠠᠵᠢᠯᠯᠠᠭ᠎ᠠ 30-40 ᠬᠤᠪᠢ ᠪᠠᠷ ᠨᠡᠮᠡᠭᠳᠡᠨ᠎ᠡ

ᠲᠥᠷᠦ ᠶᠢᠨ ᠥᠮᠴᠢᠲᠦ ᠺᠣᠮᠫᠠᠨᠢ ᠨᠤᠭᠤᠳ ᠨᠡᠶᠢᠭᠡᠮ ᠣᠯᠠᠨ ᠨᠡᠶᠢᠲᠡ ᠳᠤ ᠨᠡᠭᠡᠭᠡᠯᠲᠡ ᠲᠠᠢ᠂ ᠢᠯᠡ ᠲᠤᠳᠦ ᠪᠠᠶᠢᠬᠤ ᠨᠢᠭᠡ ᠠᠷᠭ᠎ᠠ ᠵᠡᠮ ᠨᠢ ᠦᠶᠯᠡ ᠠᠵᠢᠯᠯᠠᠭ᠎ᠠ ᠪᠠᠨ ᠴᠠᠬᠢᠮᠵᠢᠭᠤᠯᠬᠤ ᠶᠠᠪᠤᠳᠠᠯ᠃ ᠢᠩᠭᠢᠭᠰᠡᠨ ᠢᠶᠠᠷ ᠬᠥᠷᠥᠩᠭᠡ ᠣᠷᠤᠭᠤᠯᠤᠯᠲᠠ ᠶᠢᠨ ᠳᠠᠪᠬᠤᠷᠳᠠᠯ ᠠᠷᠢᠯᠵᠤ᠂ ᠦᠷ᠎ᠡ  ᠠᠰᠢᠭ ᠦᠭᠡᠶ ᠵᠠᠷᠤᠳᠠᠯ ᠭᠠᠷᠭᠠᠬᠤ ᠦᠭᠡᠢ᠂ ᠦᠶᠯᠡ ᠠᠵᠢᠯᠯᠠᠭ᠎ᠠ ᠰᠢᠯ ᠦᠨ ᠪᠣᠯᠤᠨ᠎ᠠ᠃ ᠲᠥᠷᠦ ᠶᠢᠨ ᠥᠮᠴᠢᠲᠦ ᠺᠣᠮᠫᠠᠨᠢ ᠨᠤᠭᠤᠳ ᠢ ᠨᠢᠭᠡᠳᠬᠡᠳᠡᠭ︽ᠡᠷᠳᠡᠨᠢᠰ ᠮᠣᠩᠭᠤᠯ︾ᠡᠨᠡ ᠠᠵᠢᠯ ᠢ ᠦᠶᠯᠡ ᠠᠵᠢᠯᠯᠠᠭᠠᠨ ᠳᠠᠭᠠᠨ ᠨᠡᠪᠲᠡᠷᠡᠭᠦᠯᠵᠦ ᠪᠠᠶᠢᠨ᠎ᠡ᠃ ᠡᠨᠡ ᠲᠠᠯ᠎ᠠ ᠪᠠᠷ ᠺᠣᠮᠫᠠᠨᠢ ᠶᠢᠨ ᠭᠦᠢᠴᠡᠳᠬᠡᠬᠦ ᠵᠠᠬᠢᠷᠤᠯ ᠤᠨ ᠡᠭᠦᠷᠭᠡ ᠭᠦᠢᠴᠡᠳᠬᠡᠭᠴᠢ ᠣ᠊ · ᠬᠤᠯᠠᠨ ᠥᠨᠥᠳᠥᠷ ᠲᠠᠨᠢᠯᠴᠠᠭᠤᠯᠤᠯ᠎ᠠ᠃
ᠲᠡᠷᠡ ᠪᠠᠷ᠂︽ᠡᠷᠳᠡᠨᠢᠰ ᠮᠣᠩᠭᠤᠯ︾ᠨᠢᠭᠡᠳᠦᠯ ᠤᠨ ᠮᠡᠳᠡᠭᠡᠯᠡᠯ ᠤᠨ  ᠲᠧᠻᠨᠣᠯᠣᠭᠢ ᠶᠢᠨ ᠮᠡᠷᠭᠡᠵᠢᠯᠲᠡᠳ ᠢᠷᠡᠬᠦ ᠭᠤᠷᠪᠠᠨ ᠵᠢᠯ ᠳᠤ ᠰᠢᠨ᠎ᠡ ᠰᠢᠰᠲ᠋ᠧᠮ᠂ ᠫᠷᠦᠭᠷᠡᠮ ᠬᠠᠩᠭᠠᠮᠵᠢ ᠨᠡᠪᠲᠡᠷᠡᠭᠦᠯᠵᠦ᠂ ᠴᠠᠬᠢᠮ ᠰᠢᠯᠵᠢᠯᠲᠡ ᠬᠢᠬᠦ ᠲᠥᠯᠥᠪᠯᠡᠭᠡ ᠭᠠᠷᠭᠠᠭᠠᠳ ᠪᠠᠶᠢᠨ᠎ᠡ᠃ ᠴᠠᠬᠢᠮ ᠰᠢᠯᠵᠢᠯᠲᠡ ᠨᠡᠪᠲᠡᠷᠡᠭᠦᠯᠦᠭᠰᠡᠨ ᠢᠶᠠᠷ ᠡᠷᠦᠳᠡᠰᠦ ᠪᠠᠶᠠᠯᠢᠭ ᠲᠠᠢ ᠬᠤᠯᠪᠣᠭ᠎ᠠ ᠲᠠᠢ ᠬᠠᠤᠯᠢ ᠪᠤᠰᠤ ᠶᠠᠪᠤᠳᠠᠯ ᠪᠦᠷᠢᠠ ᠵᠣᠭᠰᠣᠵᠤ᠂ ᠠᠰᠢᠭᠲᠤ ᠦᠶᠯᠡ ᠠᠵᠢᠯᠯᠠᠭ᠎ᠠ 30-40 ᠬᠤᠪᠢ ᠨᠡᠮᠡᠭᠳᠡᠨ᠎ᠡ᠃ ᠮᠦᠠ ᠮᠡᠳᠡᠭᠡᠯᠡᠯ ᠰᠣᠯᠢᠯᠴᠠᠬᠤ ᠬᠤᠷᠳᠤ ᠰᠠᠶᠢᠵᠢᠷᠠᠵᠤ᠂ ᠵᠠᠰᠠᠭ ᠤᠨ ᠭᠠᠵᠠᠷ ᠢ ᠮᠡᠳᠡᠭᠡᠯᠡᠯ ᠢᠶᠠᠷ ᠰᠢᠭᠤᠷᠬᠠᠶ ᠬᠠᠩᠭᠠᠵᠤ ᠪᠣᠳᠠᠲᠠᠢ ᠰᠢᠢᠳᠪᠦᠷᠢ ᠭᠠᠷᠭᠠᠬᠤ ᠠᠴᠢ ᠬᠤᠯᠪᠣᠭᠳᠠᠯ ᠲᠠᠢ ᠶᠤᠮ ᠬᠡᠮᠡᠨ ᠮᠡᠳᠡᠭᠡᠯᠡᠯ᠎ᠡ᠃

ᠰᠡᠳᠬᠢᠭᠳᠡᠯ ᠦᠯᠡᠳᠡᠭᠡᠬᠦ