ᠭᠤᠷᠪᠠᠨ ᠢᠬᠡᠷ᠎ᠡ ᠬᠡᠦᠬᠡᠳ ᠲᠠᠢ ᠭᠡᠷ ᠪᠦᠯᠢ ᠳᠤ ᠪᠠᠶᠢᠷᠢ ᠪᠡᠯᠡᠭᠯᠡᠯ᠎ᠡ | News.MN

ᠭᠤᠷᠪᠠᠨ ᠢᠬᠡᠷ᠎ᠡ ᠬᠡᠦᠬᠡᠳ ᠲᠠᠢ ᠭᠡᠷ ᠪᠦᠯᠢ ᠳᠤ ᠪᠠᠶᠢᠷᠢ ᠪᠡᠯᠡᠭᠯᠡᠯ᠎ᠡ

2022 ᠣᠨ ᠤ ᠠᠷᠪᠠᠨ ᠨᠢᠭᠡᠳᠦᠭᠡᠷ ᠰᠠᠷ᠎ᠠ ᠶᠢᠨ 11  ᠨᠢ ᠡᠳᠦᠷ ᠤᠨ ᠪᠠᠶᠢᠳᠠᠯ ᠢᠶᠠᠷ ᠳᠣᠷᠤᠨᠠᠭᠤᠪᠢ ᠠᠶᠢᠮᠠᠭ ᠲᠤ 1089 ᠬᠡᠦᠬᠡᠳ ᠰᠢᠨ᠎ᠡ ᠪᠠᠷ ᠮᠡᠨᠳᠦᠯᠡᠭᠰᠡᠨ ᠪᠥᠭᠡᠳ ᠰᠠᠶᠢᠨᠱᠠᠩᠳᠠ ᠰᠤᠮᠤ ᠶᠢᠨ ᠬᠤᠶᠠᠳᠤᠭᠠᠷ ᠪᠠᠭ ᠤᠨ ᠢᠷᠭᠡᠠ ᠵ᠊ · ᠬᠦᠳᠡᠷᠴᠢᠯᠠᠭᠤᠨ᠂ ᠬ᠋᠊ ·ᠡᠷᠳᠡᠨᠢᠪᠠᠶᠠᠷ ᠨᠠᠷ ᠤᠨ ᠭᠡᠷ ᠪᠦᠯᠢ ᠡᠨᠡ ᠣᠨ ᠤ ᠶᠢᠰᠦᠳᠦᠭᠡᠷ ᠰᠠᠷ᠎ᠠ ᠶᠢᠨ 12  ᠳᠤ ᠭᠤᠷᠪᠠᠨ ᠢᠬᠡᠷ᠎ᠡ ᠬᠦᠦ ᠲᠠᠢ ᠪᠣᠯᠵᠤ᠂ ᠬᠡᠤᠬᠡᠳ ᠤᠳ ᠡᠷᠡᠭᠦᠯ ᠡᠩᠬᠡ ᠥᠰᠦᠨ ᠲᠣᠷᠨᠢᠵᠤ ᠪᠠᠶᠢᠨ᠎ᠡ᠃

ᠥᠴᠥᠭᠡᠳᠦᠷ ᠲᠤᠰ ᠠᠶᠢᠮᠠᠭ ᠤᠨ ᠵᠠᠰᠠᠭ ᠳᠠᠷᠤᠭ᠎ᠠ ᠣ᠊ · ᠪᠠᠲᠤᠵᠢᠷᠭᠠᠯ ᠲᠤᠰ ᠭᠡᠷ ᠪᠦᠯᠢ ᠲᠠᠢ ᠠᠭᠤᠯᠵᠠᠵᠤ᠂ ᠪᠢᠴᠢᠬᠠᠨ ᠦᠷᠡᠰ ᠤᠨ ᠢᠶᠠᠨ  ᠡᠷᠡᠭᠦᠯ᠂ ᠰᠡᠷᠡᠭᠤᠯ ᠥᠰᠦᠨ ᠲᠣᠷᠨᠢᠬᠤ  ᠳᠤ ᠨᠢ ᠳᠡᠮᠵᠢᠯᠭᠡ ᠦᠵᠡᠭᠦᠯᠬᠦ ᠵᠣᠷᠢᠯᠭ᠎ᠠ ᠪᠠᠷ ᠭᠤᠷᠪᠠᠨ ᠥᠷᠦᠭᠡ ᠪᠠᠶᠢᠷᠢ ᠣᠯᠭᠤᠬᠤ ᠪᠠᠨ ᠢᠯᠡᠷᠬᠡᠶᠢᠯᠡᠵᠦ᠂ ᠪᠠᠲᠤᠯᠠᠮᠵᠢ ᠶᠢᠨ ᠬᠠᠮᠲᠤ ᠮᠥᠩᠭᠦᠨ ᠤᠷᠮᠠᠰᠢᠭᠤᠯᠤᠯ ᠣᠯᠭᠤᠭᠰᠠᠨ ᠪᠠᠶᠢᠨ᠎ᠡ᠃

ᠰᠡᠳᠬᠢᠭᠳᠡᠯ ᠦᠯᠡᠳᠡᠭᠡᠬᠦ