ᠡᠨᠡ ᠵᠢᠯ ᠤᠯᠤᠰ ᠤᠨ ᠬᠡᠮᠵᠢᠶᠡᠨ ᠳᠤ188.6 ᠮᠢᠩᠭᠠᠨ ᠮᠠᠯᠴᠢᠨ ᠡᠷᠦᠬᠡ ᠳᠤ 71.2 ᠰᠠᠶ᠎ᠠ᠂ ᠬᠤᠨᠢᠨ ᠲᠣᠯᠤᠭᠠᠢ ᠳᠤ ᠰᠢᠯᠵᠢᠭᠦᠯᠦᠭᠰᠡᠨ ᠢᠶᠠᠷ 122.5 ᠰᠠᠶ᠎ᠠ ᠲᠣᠯᠤᠭᠠᠢ ᠮᠠᠯ ᠡᠪᠦᠯᠵᠢᠵᠦ᠂ 19.9 ᠰᠠᠶ᠎ᠠ ᠮᠠᠯ ᠢ ᠡᠳ᠋ ᠤᠨ ᠵᠠᠰᠠᠭ ᠤᠨ ᠡᠷᠭᠢᠯᠲᠡ ᠳᠤ ᠣᠷᠣᠭᠤᠯᠬᠤ ᠤᠷᠢᠳᠴᠢᠯᠠᠭᠰᠠᠨ ᠳ᠋ᠦᠩ ᠭᠠᠷᠴᠠᠢ᠃
ᠡᠭᠦᠨ ᠳᠦ 21.8 ᠮᠢᠩᠭᠠᠨ ᠡᠷᠦᠬᠡ ᠶᠢᠨ 9.5 ᠰᠠᠶ᠎ᠠ ᠮᠠᠯ ᠣᠲᠣᠷ ᠢᠶᠠᠷ ᠡᠪᠦᠯᠵᠢᠵᠦ᠂ ᠬᠠᠪᠤᠷᠵᠢᠬᠤ ᠪᠠᠷ ᠪᠠᠶᠢᠨ᠎ᠡ᠃ ᠵᠤᠳ ᠤᠨ ᠡᠷᠡᠰᠳᠡᠯ ᠤᠨ ᠶᠡᠷᠦᠩᠬᠡᠶ ᠦᠨᠡᠯᠡᠭᠡ ᠪᠠᠷ ᠪᠠᠶᠠᠨ ᠥᠯᠥᠭᠡᠶ᠂ ᠪᠠᠶᠠᠩᠬᠤᠩᠭᠤᠷ᠂ ᠵᠠᠪᠬᠠᠨ᠂ ᠤᠪᠰᠤ᠂ ᠬᠤᠪᠳᠤ᠂ ᠡᠮᠦᠨ᠎ᠡ ᠭᠤᠪᠢ ᠠᠶᠢᠮᠠᠭ ᠡᠷᠡᠰᠳᠡᠯ ᠶᠡᠭᠡ᠂ ᠠᠷᠤ ᠬᠠᠩᠭᠠᠢ᠂ ᠭᠤᠪᠢ ᠠᠯᠲᠠᠢ᠂ ᠥᠪᠦᠷᠬᠠᠩᠭᠠᠢ᠂ ᠳᠤᠮᠲᠠᠭᠤᠪᠢ᠂ ᠳᠣᠷᠤᠨᠠᠭᠤᠪᠢ ᠠᠶᠢᠮᠠᠭ ᠡᠷᠡᠰᠳᠡᠯ ᠳᠤᠮᠳᠠ ᠵᠡᠷᠭᠡᠯᠡᠯ ᠲᠠᠢ ᠭᠠᠷᠪᠠ᠃