ᠨ᠊ · ᠼᠡᠳᠡᠨᠪᠠᠯ ᠬᠥᠯ ᠪᠥᠮᠪᠦᠭᠡ ᠶᠢᠨ ᠳᠡᠯᠡᠬᠡᠢ ᠶᠢᠨ ᠠᠯᠳᠠᠷᠲᠠᠳ ᠲᠠᠢ ᠬᠠᠮᠲᠤ ᠲᠣᠭᠯᠠᠨ᠎ᠠ | News.MN

 ᠨ᠊ · ᠼᠡᠳᠡᠨᠪᠠᠯ ᠬᠥᠯ ᠪᠥᠮᠪᠦᠭᠡ ᠶᠢᠨ ᠳᠡᠯᠡᠬᠡᠢ ᠶᠢᠨ ᠠᠯᠳᠠᠷᠲᠠᠳ ᠲᠠᠢ ᠬᠠᠮᠲᠤ ᠲᠣᠭᠯᠠᠨ᠎ᠠ

ᠮᠣᠩᠭᠣᠯ ᠤᠨ ᠬᠥᠯ ᠪᠥᠮᠪᠦᠭᠡ ᠶᠢᠨ ᠰᠢᠭᠰᠢᠭᠡ ᠪᠠᠭ ᠤᠨ ᠲᠣᠭᠯᠠᠭᠴᠢ ᠨ᠊ · ᠼᠡᠳᠡᠨᠪᠠᠯ ᠢᠷᠡᠬᠦ ᠰᠠᠷ᠎ᠠ ᠳᠤ ᠡᠬᠢᠯᠡᠬᠦ︽ᠺᠠᠲ᠋ᠠᠷ 2022︾ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠤ ᠦᠶ᠎ᠡ ᠪᠠᠷ FIFA Legend ᠪᠤᠶᠤ ᠳᠡᠯᠡᠬᠡᠢ ᠶᠢᠨ ᠠᠯᠳᠠᠷᠲᠠᠳ ᠲᠠᠢ ᠬᠠᠮᠲᠤ ᠲᠣᠭᠯᠠᠨ᠎ᠠ᠃︽ᠺᠠᠲ᠋ᠠᠷ 2022︾ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠤ ᠤᠷᠢᠳᠴᠢᠯᠠᠭᠰᠠᠨ ᠱᠠᠲᠤᠨ ᠤ ᠠᠩᠬᠠᠨ ᠤ ᠲᠣᠭᠯᠠᠯᠲᠠ 2019 ᠣᠨ ᠤ ᠵᠢᠷᠭᠤᠳᠤᠭᠠᠷ ᠰᠠᠷ᠎ᠠ ᠶᠢᠨ 06  ᠳᠤ ᠪᠣᠯᠬᠤ ᠳᠤ ᠪᠠᠭ ᠤᠨ ᠠᠬᠠᠯᠠᠭᠴᠢ ᠨ᠊ ·ᠼᠡᠳᠡᠨᠪᠠᠯ ᠴᠢᠯᠦᠭᠡᠳᠦ ᠴᠣᠬᠢᠯᠲᠠ ᠠᠴᠠ ᠭᠤᠤᠯᠢ ᠤᠷᠤᠭᠤᠯᠵᠤ᠂ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠤ ᠠᠩᠬᠠᠨ ᠤ ᠭᠤᠣᠯ ᠤᠨ ᠡᠵᠡᠨ ᠪᠣᠯᠣᠭᠰᠠᠨ ᠶᠤᠮ᠃
ᠮᠦᠠ ᠣᠨ ᠤ ᠠᠷᠪᠠᠳᠤᠭᠠᠷ ᠰᠠᠷ᠎ᠠ ᠳᠤ FIFA ᠪᠤᠶᠤ ᠣᠯᠠᠨ ᠤᠯᠤᠰ ᠤᠨ ᠬᠥᠯ ᠪᠥᠮᠪᠦᠭᠡ ᠶᠢᠨ ᠬᠤᠯᠪᠤᠭᠠᠨ ᠤ ᠶᠡᠷᠦᠩᠬᠡᠶᠢᠯᠡᠭᠴᠢ ᠵᠢᠶᠠᠨᠨᠢ ᠢᠨᠹᠠᠨᠲ᠋ᠢᠨᠤ᠋ ᠮᠣᠩᠭᠤᠯ ᠳᠤ ᠠᠶᠢᠯᠴᠢᠯᠠᠬᠤ ᠦᠶ᠎ᠡ ᠪᠠᠷ ᠢᠶᠠᠨ ᠲᠡᠭᠦᠨ ᠳᠤ ᠺᠠᠲ᠋ᠠᠷ – 2022  ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ  ᠢ ᠦᠵᠡᠬᠦ ᠡᠷᠭᠡ ᠥᠭᠭᠦᠭᠰᠡᠨ᠃ ᠲᠡᠭᠡᠪᠡᠯ FIFA Legend ᠪᠤᠶᠤ ᠠᠯᠳᠠᠷᠲᠠᠳ ᠤᠨ ᠲᠣᠭᠯᠠᠯᠲᠠ ᠳᠤ ᠠᠽᠢᠶ᠎ᠠ ᠲᠢᠪ ᠠᠴᠠ ᠲᠥᠯᠥᠭᠡᠯᠡᠨ ᠤᠷᠦᠯᠴᠡᠬᠤ ᠤᠷᠢᠯᠭ᠎ᠠ ᠶᠢ ᠮᠣᠩᠭᠣᠯ ᠤᠨ ᠬᠥᠯ ᠪᠥᠮᠪᠦᠭᠡ ᠶᠢᠨ ᠬᠤᠯᠪᠤᠭᠠᠨ ᠤ ᠶᠡᠷᠦᠩᠬᠡᠶᠢᠯᠡᠭᠴᠢ ᠠ᠊ ·ᠭᠠᠩᠪᠠᠭᠠᠲᠤᠷ ᠥᠴᠥᠭᠡᠳᠦᠷ ᠨ᠊ ·ᠼᠡᠳᠡᠨᠪᠠᠯ ᠳᠤ ᠭᠠᠷᠳᠠᠭᠤᠯᠵᠠᠢ᠃

ᠰᠡᠳᠬᠢᠭᠳᠡᠯ ᠦᠯᠡᠳᠡᠭᠡᠬᠦ