ᠮᠠᠯᠴᠢᠳ ᠪᠢᠷᠵᠢ ᠪᠠᠷ ᠳᠠᠮᠵᠢᠭᠤᠯᠤᠨ ᠮᠠᠯ ᠢᠶᠠᠨ ᠦᠢᠯᠡᠳᠪᠦᠷᠢ  ᠳᠦ ᠠᠷᠠᠯᠵᠢᠶᠠᠯᠠᠵᠤ ᠡᠬᠢᠯᠡᠯ᠎ᠡ | News.MN

 ᠮᠠᠯᠴᠢᠳ ᠪᠢᠷᠵᠢ ᠪᠠᠷ ᠳᠠᠮᠵᠢᠭᠤᠯᠤᠨ ᠮᠠᠯ ᠢᠶᠠᠨ ᠦᠢᠯᠡᠳᠪᠦᠷᠢ  ᠳᠦ ᠠᠷᠠᠯᠵᠢᠶᠠᠯᠠᠵᠤ ᠡᠬᠢᠯᠡᠯ᠎ᠡ

ᠬᠦᠨᠡᠰᠦ ᠬᠥᠳᠡᠭᠡ ᠠᠵᠤ ᠠᠬᠤᠶ ᠬᠥᠩᠭᠡᠨ ᠦᠢᠯᠡᠳᠪᠦᠷᠢ ᠶᠢᠨ ᠶᠠᠮᠤᠨ ᠤ ᠬᠠᠷᠢᠶ᠎ᠠ︽ᠬᠥᠳᠡᠭᠡ ᠠᠵᠤ ᠠᠬᠤᠢ ᠶᠢᠨ ᠪᠢᠷᠵᠢ︾ᠠᠩᠬ᠎ᠠ ᠤᠳᠠᠭ᠎ᠠ ᠠᠮᠢᠳᠦ ᠮᠠᠯ ᠤᠨ ᠳᠠᠭᠤᠳᠠᠯᠭ᠎ᠠ ᠬᠤᠳᠠᠯᠳᠤᠭ᠎ᠠ ᠪᠤᠯᠦᠠ ᠠᠮᠢᠳᠦ ᠮᠠᠯ ᠤᠨ ᠰᠫᠤᠲ ᠭᠡᠷ᠎ᠡ ᠶᠢᠨ ᠲᠤᠷᠰᠢᠯᠲᠠ ᠶᠢᠨ ᠠᠷᠠᠯᠵᠢᠶ᠎ᠠ ᠶᠢ ᠵᠣᠬᠢᠶᠠᠨ ᠪᠠᠶᠢᠭᠤᠯᠤᠯ᠎ᠠ᠃ ᠠᠷᠠᠯᠵᠢᠶᠠᠨ ᠳᠤ ᠬᠤᠳᠠᠯᠳᠤᠭᠴᠢ ᠲᠠᠯ᠎ᠠ ᠠᠴᠠ ᠭᠤᠪᠢ ᠠᠯᠲᠠᠢ ᠠᠶᠢᠮᠠᠭ ᠤᠨ ᠪᠠᠶᠠᠨ ᠠᠭᠤᠯᠠ ᠰᠤᠮᠤ ᠶᠢᠨ︽ᠰᠠᠨᠵᠢᠩ ᠪᠤᠬᠳᠠ︾ᠬᠤᠷᠰᠢᠶ᠎ᠠ᠂ ᠬᠤᠳᠠᠯᠳᠤᠨ ᠠᠪᠤᠭᠴᠢ ᠲᠠᠯ᠎ᠠ ᠠᠴᠠ ᠮᠠᠯ᠂ ᠮᠢᠬ᠎ᠠ ᠪᠣᠯᠪᠠᠰᠤᠷᠠᠭᠤᠯᠬᠤ ᠦᠢᠯᠡᠳᠪᠦᠷᠢ ᠨᠦᠭᠦᠳ ᠴᠠᠬᠢᠮ ᠢᠶᠠᠷ ᠣᠷᠣᠯᠴᠠᠪᠠ᠃
︽ᠰᠠᠨᠵᠢᠩ ᠪᠤᠬᠳᠠ︾ᠬᠤᠷᠰᠢᠶᠠᠨ ᠠᠴᠠ ᠥᠰᠪᠦᠷᠢ ᠨᠠᠰᠤᠨ ᠤ 200 ᠬᠤᠨᠢ᠂ ᠨᠡᠰᠦ ᠭᠦᠢᠴᠡᠭᠰᠡᠨ 50 ᠡᠮ᠎ᠡ ᠬᠤᠨᠢ ᠳᠠᠭᠤᠳᠠᠯᠭ᠎ᠠ ᠬᠤᠳᠠᠯᠳᠤᠭ᠎ᠠ ᠪᠠᠷ ᠵᠡᠷᠦᠬᠤ ᠵᠠᠬᠢᠶᠠᠯᠠᠭ᠎ᠠ ᠢᠷᠡᠭᠦᠯᠵᠡᠢ᠃ ᠬᠤᠳᠠᠯᠳᠤᠨ ᠠᠪᠤᠭᠴᠢ ᠲᠡᠯ᠎ᠠ ᠴᠠᠬᠢᠮ ᠢᠶᠠᠷ ᠬᠤᠯᠪᠣᠭᠳᠠᠨ᠂ ︽ᠵᠠᠶᠢᠰᠠᠩ ᠢᠨᠸᠸᠰᠲ ᠠᠷᠭᠤ᠋︾ᠺᠤᠮᠫᠠᠨᠢ ᠬᠤᠳᠠᠯᠳᠤᠨ ᠠᠪᠬᠤ ᠬᠠᠮᠤᠬ ᠤᠨ ᠲᠡᠭᠡᠳᠦ ᠦᠨ᠎ᠡ ᠶᠢᠨ ᠰᠠᠨᠠᠯ ᠥᠭᠴᠦ᠂ ᠳᠠᠭᠤᠳᠠᠯᠭ᠎ᠠ ᠬᠤᠳᠠᠯᠳᠤᠭᠠᠨ ᠤ ᠢᠯᠠᠭᠴᠢ ᠪᠣᠯᠣᠯ᠎ᠠ᠃

ᠰᠡᠳᠬᠢᠭᠳᠡᠯ ᠦᠯᠡᠳᠡᠭᠡᠬᠦ