︽ᠤᠭ᠍ᠶᠤᠲᠤᠯᠤᠭᠠᠢ︾ᠺᠣᠮᠫᠠᠨᠢ ᠡᠴᠡ 100-175 ᠲᠡᠷᠪᠤᠮ ᠲᠥᠭᠦᠷᠢᠭ ᠤᠨ ᠨᠡᠮᠡᠯᠲᠡ ᠣᠷᠣᠯᠭ᠎ᠠ ᠣᠷᠣᠵᠤ ᠢᠷᠠᠨ᠎ᠠ | News.MN

︽ᠤᠭ᠍ᠶᠤᠲᠤᠯᠤᠭᠠᠢ︾ᠺᠣᠮᠫᠠᠨᠢ ᠡᠴᠡ 100-175 ᠲᠡᠷᠪᠤᠮ ᠲᠥᠭᠦᠷᠢᠭ ᠤᠨ ᠨᠡᠮᠡᠯᠲᠡ ᠣᠷᠣᠯᠭ᠎ᠠ ᠣᠷᠣᠵᠤ ᠢᠷᠠᠨ᠎ᠠ

ᠤᠯᠤᠰ ᠤᠨ ᠶᠡᠭᠡ ᠬᠤᠷᠠᠯ  ᠤᠨ ᠴᠢᠭᠤᠯᠭᠠᠨ ᠤ ᠨᠢᠭᠡᠳᠦᠭᠰᠡᠨ ᠬᠤᠷᠠᠯᠳᠤᠭᠠᠨ ᠤ ᠦᠶ᠎ᠡ ᠪᠠᠷ︽ᠤᠭ᠍ᠶᠤᠲᠤᠯᠤᠭᠠᠢ︾ᠺᠣᠮᠫᠠᠨᠢ ᠶᠢᠨ ᠦᠷ᠎ᠡ ᠥᠭᠭᠦᠭᠡᠵᠢ ᠶᠢᠨ ᠲᠠᠯ᠎ᠠ ᠪᠠᠷ ᠰᠠᠩ ᠤᠨ ᠰᠠᠶᠢᠳ ᠪ∙ᠵᠢᠪᠬᠤᠯᠠᠩ ᠲᠠᠨᠢᠯᠴᠠᠭᠤᠯᠤᠯ᠎ᠠ᠃ ᠲᠡᠷᠡ ᠪᠠᠷ᠄ ᠢᠷᠡᠬᠦ ᠵᠢᠯ ᠤᠨ ᠵᠢᠷᠭᠤᠳᠤᠭᠠᠷ ᠰᠠᠷ᠎ᠠ ᠠᠴᠠ     ︽ᠤᠭ᠍ᠶᠤᠲᠤᠯᠤᠭᠠᠢ︾ᠺᠣᠮᠫᠠᠨᠢ ᠶᠢᠨ ᠨᠡᠶᠢᠲᠡ ᠪᠠᠶᠠᠯᠢᠭ ᠤᠨ 80 ᠬᠤᠪᠢ ᠶᠢ ᠣᠯᠪᠤᠷᠢᠯᠠᠬᠤ ᠭᠦᠨ ᠤ ᠠᠭᠤᠷᠬᠠᠢ ᠶᠢᠨ ᠠᠵᠢᠯ ᠡᠬᠢᠯᠡᠨ᠎ᠡ᠃ ᠺᠣᠮᠫᠠᠨᠢ ᠶᠢᠨ ᠬᠠᠮᠤᠬ ᠤᠨ ᠦᠷ᠎ᠡ ᠥᠭᠭᠦᠭᠡᠵᠢ ᠲᠠᠢ ᠵᠢᠯ ᠨᠢ 2028-2030 ᠣᠨ ᠪᠠᠶᠢᠨ᠎ᠡ᠃ ᠢᠷᠡᠬᠦ ᠵᠢᠯ  ᠲᠡᠨᠳᠡ ᠡᠴᠡ 100-175 ᠲᠡᠷᠪᠤᠮ ᠲᠥᠭᠦᠷᠢᠭ ᠤᠨ ᠨᠡᠮᠡᠯᠲᠡ ᠣᠷᠣᠯᠭ᠎ᠠ ᠣᠷᠣᠵᠤ ᠢᠷᠠᠨ᠎ᠠ ᠭᠡᠯ᠎ᠡ᠃
ᠬᠠᠷᠢᠨ ᠡᠳ᠋ ᠤᠨ ᠵᠠᠰᠠᠭ ᠤᠨ ᠬᠥᠭᠵᠢᠯ ᠤᠨ ᠰᠠᠶᠢᠳ ᠴ᠊ · ᠬᠦᠷᠡᠯᠪᠠᠭᠠᠲᠤᠷ︽ᠤᠭ᠍ᠶᠤᠲᠤᠯᠤᠭᠠᠢ︾ᠺᠣᠮᠫᠠᠨᠢ  ᠠᠴᠠ 2021 ᠣᠨ ᠤ ᠪᠠᠶᠢᠳᠠᠯ ᠢᠶᠠᠷ ᠮᠣᠩᠭᠤᠯ ᠪᠠᠩᠬᠢᠨ ᠳᠤ 1 ᠲᠠᠷᠪᠤᠮ 728 ᠰᠠᠶ᠎ᠠ ᠳ᠋ᠣᠯᠯᠠᠷ ᠣᠷᠣᠵᠤ ᠢᠷᠡᠭᠰᠡᠨ᠃ ᠬᠠᠷᠢᠨ︽ᠡᠷᠳᠡᠨᠢᠲᠦ ᠦᠢᠯᠡᠳᠪᠦᠷᠢ︾ ᠠᠴᠠ 1 ᠲᠡᠷᠪᠤᠮ122 ᠰᠠᠶ᠎ᠠ ᠳ᠋ᠣᠯᠯᠠᠷ ᠣᠷᠣᠵᠤ ᠢᠷᠡᠭᠰᠡᠨ᠃ 2022 ᠣᠨ ᠤ ᠨᠠᠢᠮᠠᠳᠤᠭᠠᠷ ᠰᠠᠷ᠎ᠠ ᠶᠢᠨ ᠪᠠᠶᠢᠳᠠᠯ ᠢᠶᠠᠷ︽ᠤᠭ᠍ᠶᠤᠲᠤᠯᠤᠭᠠᠢ︾ᠺᠣᠮᠫᠠᠨᠢ ᠶᠢᠨ ᠨᠢᠭᠡ ᠲᠡᠷᠪᠤᠮ 24 ᠰᠠᠶ᠎ᠠ ᠳ᠋ᠣᠯᠯᠠᠷ᠂︽ᠡᠷᠳᠡᠨᠢᠲᠦ ᠦᠢᠯᠡᠳᠪᠦᠷᠢ︾ ᠡᠴᠡ 770 ᠰᠠᠶ᠎ᠠ ᠳ᠋ᠣᠯᠯᠠᠷ ᠲᠤᠰ ᠲᠤᠰ ᠣᠷᠣᠵᠤ ᠢᠷᠡᠭᠰᠡᠨ ᠭᠡᠪᠡ᠃

ᠰᠡᠳᠬᠢᠭᠳᠡᠯ ᠦᠯᠡᠳᠡᠭᠡᠬᠦ