ᠦᠨᠳᠦᠰᠦᠨ ᠤ ᠰᠲ᠋ᠠᠲ᠋ᠢᠰᠲ᠋ᠢᠺ ᠤᠨ ᠬᠤᠷᠢᠶᠠᠨ ᠠᠴᠠ ᠤᠷᠭᠤᠴᠠ ᠬᠤᠷᠢᠶᠠᠯᠲᠠ ᠶᠢᠨ ᠲᠣᠭᠠᠨ ᠮᠡᠳᠡᠭᠡᠯᠡᠯ ᠢ ᠲᠠᠨᠢᠯᠴᠠᠭᠤᠯᠤᠯ᠎ᠠ᠃ ᠮᠡᠳᠡᠭᠡᠯᠡᠯ ᠳᠤ ᠬᠤᠷᠢᠶᠠᠭᠰᠠᠨ ᠲᠠᠷᠢᠮᠠᠯ ᠲᠡᠵᠢᠭᠡᠯ ᠡᠮᠦᠨᠡᠬᠢ ᠣᠨ ᠤ ᠮᠦᠠ ᠦᠶ᠎ᠡ ᠲᠠᠢ ᠬᠠᠷᠢᠴᠠᠭᠤᠯᠬᠤ ᠳᠤ 8.7 ᠮᠢᠩᠭᠠᠨ ᠲᠣᠨ ᠪᠤᠶᠤ 13.8 ᠬᠤᠪᠢ᠂ ᠪᠡᠯᠡᠳᠬᠡᠭᠰᠡᠨ ᠭᠠᠷ ᠲᠡᠵᠢᠭᠡᠯ 2.6 ᠲᠣᠨ ᠢᠶᠠᠷ ᠪᠤᠶᠤ 20.9 ᠬᠤᠪᠢ ᠪᠠᠷ ᠪᠠᠭᠤᠷᠠᠵᠠᠢ᠃
ᠬᠠᠷᠢᠨ ᠪᠡᠯᠡᠳᠬᠡᠭᠰᠡᠨ ᠬᠠᠳᠤᠯᠠᠩ 74.9︵15.6 ᠬᠤᠪᠢ︶ᠮᠢᠩᠭᠠᠨ ᠲᠣᠨ᠂ ᠬᠤᠷᠢᠶᠠᠭᠰᠠᠨ ᠲᠥᠮᠥᠰᠥ 51.4︵42.1 ᠬᠤᠪᠢ︶ᠮᠢᠩᠭᠠᠨ ᠲᠣᠨ᠂ ᠦᠷ᠎ᠡ ᠲᠡᠷᠢᠶ᠎ᠠ 38︵29.7 ᠬᠤᠪᠢ︶ᠮᠢᠩᠭᠠᠨ ᠲᠣᠨ᠂ ᠬᠦᠨᠡᠰᠦᠨ ᠤ ᠨᠤᠭᠤᠭ᠎ᠠ 18.5︵26.6 ᠬᠤᠪᠢ︶ᠮᠢᠩᠭᠠᠨ ᠲᠣᠨ ᠢᠶᠠᠷ ᠲᠤᠰ ᠲᠤᠰ ᠨᠡᠮᠡᠭᠳᠡᠭᠰᠡᠨ ᠪᠠᠶᠢᠨ᠎ᠡ᠃