ᠰᠣᠶᠤᠯ ᠤᠨ ᠶᠠᠮᠤᠨ ᠤ ᠭᠠᠯᠧᠷᠸᠢ ᠳᠤ ᠰᠢᠨ᠎ᠡ ᠦᠵᠡᠰᠬᠦᠯᠡᠩ ᠨᠡᠭᠡᠭᠡᠭᠳᠡᠯ᠎ᠡ | News.MN

ᠰᠣᠶᠤᠯ ᠤᠨ ᠶᠠᠮᠤᠨ ᠤ ᠭᠠᠯᠧᠷᠸᠢ ᠳᠤ ᠰᠢᠨ᠎ᠡ ᠦᠵᠡᠰᠬᠦᠯᠡᠩ ᠨᠡᠭᠡᠭᠡᠭᠳᠡᠯ᠎ᠡ

ᠰᠣᠶᠤᠯ ᠤᠨ ᠶᠠᠮᠤᠨ ᠤ ᠭᠠᠯᠧᠷᠸᠢ ᠳᠤ ᠤᠷᠠᠨ ᠪᠦᠲᠦᠭᠡᠯᠴᠢ ᠵ᠊·ᠲᠦᠮᠡᠨᠵᠢᠷᠭᠠᠯ᠂ ᠵᠢᠷᠤᠭᠠᠴᠢ ᠪ∙ᠪᠠᠶᠠᠷᠴᠡᠩᠭᠡᠯ ᠨᠠᠷ ᠤᠨ ᠬᠠᠮᠲᠤᠷᠠᠭᠰᠠᠨ ᠦᠵᠡᠰᠬᠦᠯᠡᠩ ᠨᠡᠭᠡᠭᠡᠭᠳᠡᠯ᠎ᠡ᠃ ᠰᠣᠶᠤᠯ ᠤᠨ ᠶᠠᠮᠤᠨ ᠨᠢ ᠤᠷᠠᠨ ᠪᠦᠲᠦᠭᠡᠯᠴᠢᠳ ᠤᠨ ᠪᠦᠲᠦᠭᠡᠯ ᠢ ᠨᠡᠶᠢᠲᠡ ᠳᠤ ᠲᠠᠨᠢᠭᠤᠯᠬᠤ ᠵᠣᠷᠢᠯᠭ᠎ᠠ ᠪᠠᠷ ᠤᠷᠠᠨ ᠪᠦᠲᠦᠭᠡᠯ ᠤᠨ ᠦᠵᠡᠰᠬᠦᠯᠡᠩ ᠢ ᠳᠠᠪᠲᠠᠮᠵᠢ ᠲᠠᠢ ᠪᠠᠷ ᠳᠡᠯᠭᠡᠨ ᠲᠠᠯᠪᠢᠳᠠᠭ ᠪᠢᠯᠡ᠃ ᠵ᠊·ᠲᠦᠮᠡᠨᠵᠢᠷᠭᠠᠯ ᠨᠢ ᠪᠠᠶᠢᠭᠠᠯᠢ᠂ ᠳᠣᠮᠤᠭ᠂ ᠵᠠᠩ ᠦᠶᠯᠡ᠂ ᠨᠡᠭᠦᠳᠡᠯ ᠤᠨ ᠠᠬᠤᠶ ᠰᠣᠶᠣᠯ ᠢ ᠪᠠᠶᠢᠭᠠᠯᠢ ᠶᠢᠨ ᠴᠢᠯᠠᠭᠤ᠂ ᠮᠣᠳᠤ᠂ ᠮᠧᠲ᠋ᠠᠯ᠂ ᠶᠠᠰᠤ᠂ ᠦᠰᠦ᠂ ᠠᠷᠠᠰᠤᠨ ᠳᠤ ᠰᠢᠩᠭᠡᠭᠡᠵᠦ ᠥᠪᠡᠷ ᠤᠨ ᠭᠡᠰᠡᠨ ᠥᠩᠭᠡ ᠲᠥᠷᠬᠦ ᠲᠠᠢ ᠪᠦᠲᠦᠭᠡᠯ ᠲᠤᠭᠤᠷᠪᠢᠳᠠᠭ᠃
ᠬᠠᠷᠢᠨ ᠵᠢᠷᠤᠭᠠᠴᠢ ᠪ∙ᠪᠠᠶᠠᠷᠴᠡᠩᠭᠡᠯ ᠨᠢ ᠨᠡᠭᠦᠳᠡᠯᠴᠢᠳ ᠤᠨ ᠠᠵᠤ ᠪᠠᠶᠢᠳᠠᠯ ᠠᠴᠠ ᠰᠠᠭᠤᠷᠢᠨ ᠨᠡᠶᠢᠭᠡᠮ ᠤᠨ ᠳᠦᠷᠢ ᠵᠢᠷᠤᠭ ᠤᠳ ᠤᠷᠤᠭᠤ ᠰᠢᠯᠵᠢᠨ ᠠᠭᠠᠵᠢᠮ ᠢᠶᠠᠷ ᠪᠤᠳ᠋ᠳ᠋ᠾᠠ ᠶᠢᠨ ᠱᠠᠰᠢᠨ ᠤ ᠳᠣᠲᠤᠭᠠᠳᠤ  ᠴᠢᠨᠠᠷ ᠲᠤ ᠰᠣᠨᠢᠭᠤᠴᠢ ᠪᠠᠷ ᠥᠩᠭᠡᠶᠢᠭᠰᠡᠨ ᠤᠷᠠᠨ ᠨᠡᠷᠢᠠ ᠳᠦᠷᠰᠦᠯᠡᠯ᠂ ᠵᠥᠭᠡᠯᠡᠨ ᠥᠩᠭᠡ᠂ ᠶᠣᠭᠲᠠ ᠠᠭᠤᠯᠭ᠎ᠠ ᠪᠦᠬᠦᠢ ᠥᠪᠡᠷᠮᠢᠴᠡ ᠣᠨᠴᠠᠯᠢᠭ ᠲᠠᠢ ᠪᠠᠷ ᠪᠦᠲᠦᠭᠡᠯ ᠢᠶᠠᠨ ᠪᠦᠲᠦᠭᠡᠳᠡᠭ ᠪᠠᠶᠢᠨ᠎ᠡ᠃ ᠦᠵᠡᠰᠬᠦᠯᠡᠩ 2022 ᠣᠨ ᠤ ᠠᠷᠪᠠᠳᠤᠭᠠᠷ ᠰᠠᠷ᠎ᠠ ᠶᠢᠨ 20 ᠠᠴᠠ ᠠᠷᠪᠠᠨ ᠨᠢᠭᠡᠳᠦᠭᠡᠷ ᠰᠠᠷ᠎ᠠ ᠶᠢᠨ 20 ᠤ ᠬᠤᠭᠤᠷᠦᠡᠳᠦ ᠳᠡᠯᠭᠡᠭᠳᠡᠨ᠎ᠡ᠃

ᠰᠡᠳᠬᠢᠭᠳᠡᠯ ᠦᠯᠡᠳᠡᠭᠡᠬᠦ