ᠨ᠊ · ᠵᠠᠩᠴᠢᠨᠨᠣᠷᠪᠤ ᠤᠨ︽ᠮᠥᠩᠬᠡ ᠲᠡᠭᠷᠢ︾ᠲᠣᠭᠯᠠᠯᠲᠠ ᠪᠣᠯᠤᠨ᠎ᠠ | News.MN

ᠨ᠊ · ᠵᠠᠩᠴᠢᠨᠨᠣᠷᠪᠤ ᠤᠨ︽ᠮᠥᠩᠬᠡ ᠲᠡᠭᠷᠢ︾ᠲᠣᠭᠯᠠᠯᠲᠠ ᠪᠣᠯᠤᠨ᠎ᠠ

︽ᠮᠥᠩᠬᠡ ᠲᠡᠭᠷᠢ ᠶᠢᠨ ᠬᠦᠴᠦᠨ ᠳ᠋ᠤᠷ︾ᠮᠣᠩᠭᠣᠯ ᠤᠨ ᠤᠷᠠᠨ ᠰᠠᠶᠢᠬᠠᠨ ᠤ ᠲᠡᠦᠬᠡᠨ ᠺᠢᠨᠤ᠋  ᠪᠦᠲᠦᠭᠡᠭᠳᠡᠭᠰᠡᠨ ᠦ 30 ᠵᠢᠯ ᠤᠨ ᠣᠢ ᠳᠤ ᠵᠣᠷᠢᠭᠤᠯᠤᠨ ᠨ᠊ ·ᠵᠠᠩᠴᠢᠨᠨᠣᠷᠪᠤ︽ᠮᠥᠩᠬᠡ ᠲᠡᠭᠷᠢ︾ᠬᠥᠭᠵᠢᠮ ᠤᠨ ᠤᠷᠠᠨ ᠪᠦᠲᠦᠭᠡᠯ ᠤᠨ ᠲᠣᠭᠯᠠᠯᠲᠠ ᠪᠠᠨ ᠲᠣᠯᠢᠯᠠᠭᠤᠯᠬᠤ ᠭᠡᠵᠦ ᠪᠠᠶᠢᠨ᠎ᠡ᠃ ᠲᠤᠰ ᠺᠢᠨᠣ᠋ ᠶᠢᠨ ᠬᠥᠭᠵᠢᠮ ᠢ ᠮᠣᠩᠭᠣᠯ ᠤᠨ ᠦᠨᠳᠦᠰᠦᠨ ᠤ ᠷᠠᠳᠢᠣ᠋ ᠶᠢᠨ ᠶᠡᠭᠡ ᠲᠠᠩᠬᠢᠮ ᠳᠤ ᠠᠷᠠᠳ ᠤᠨ ᠵᠦᠴᠦᠭᠡᠴᠢᠨ ᠵ᠊·ᠴᠢᠯᠠᠭᠤᠨ ᠤ ᠤᠳᠦᠷᠢᠳᠦᠯᠭ᠎ᠠ ᠳᠤᠤᠷ᠎ᠠ ᠤᠯᠤᠰ ᠤᠨ ᠹᠢᠯᠠᠷᠮᠣᠨᠢ ᠶᠢᠨ ᠰᠢᠮᠹᠣᠨᠢ ᠨᠠᠶᠢᠷᠠᠯ᠂ ᠮᠤᠷᠢᠨ  ᠬᠤᠭᠤᠷᠴᠢᠳ᠂  ᠱᠤᠳᠤᠷᠭᠤᠴᠢᠳ᠂ ᠤᠷᠲᠤ ᠶᠢᠨ ᠳᠠᠭᠤᠴᠢᠳ᠂ ᠨᠠᠶᠢᠷᠠᠯ ᠳᠠᠭᠤᠴᠢᠳ᠂︽ᠬᠥᠬᠡ ᠲᠩᠷᠢ︾ᠬᠠᠮᠲᠤᠯᠢᠭ ᠬᠠᠮᠲᠤᠷᠠᠨ ᠪᠢᠴᠢᠭᠦᠯᠦᠭᠰᠡᠨ ᠪᠥᠭᠡᠳ ᠶᠠᠫᠤᠨ ᠤᠯᠤᠰ ᠤᠨ ᠳᠠᠭᠤ ᠪᠢᠴᠢᠯᠭᠡ ᠶᠢᠨ ᠮᠡᠷᠭᠡᠵᠢᠯᠲᠡᠳ ᠪᠢᠴᠢᠯᠭᠡ ᠬᠢᠵᠦ᠂ ᠲᠣᠣᠺᠢᠣ᠋ ᠶᠢᠨ ᠬᠥᠭᠵᠢᠮ ᠤᠨ ᠰᠲ᠋ᠦ᠋ᠳᠢ ᠳᠤ ᠳᠠᠭᠤᠤ ᠶᠢᠨ ᠲᠤᠬᠢᠷᠠᠭᠤᠯᠭ᠎ᠠ ᠶᠢ ᠬᠢᠵᠡᠢ᠃
︽ᠮᠥᠩᠬᠡ ᠲᠡᠭᠷᠢ ᠶᠢᠨ ᠬᠦᠴᠦᠨ ᠳ᠋ᠤᠷ︾ᠺᠢᠨᠣ᠋ ᠶᠢᠨ ᠬᠥᠭᠵᠢᠮ ᠤᠨ ᠵᠠᠷᠢᠮ ᠬᠡᠰᠡᠭ ᠢ ᠦᠨᠳᠦᠰᠦᠨ ᠤ ᠶᠡᠭᠡ ᠨᠠᠶᠢᠷᠠᠯ ᠬᠥᠭᠵᠢᠮ᠂ ᠮᠤᠷᠢᠨ ᠬᠤᠭᠤᠷ ᠤᠨ ᠴᠢᠭᠤᠯᠭ᠎ᠠ ᠬᠥᠭᠵᠢᠮᠳᠡᠵᠦ ᠪᠠᠢᠭᠰᠠᠨ᠃ ᠲᠡᠭᠡᠪᠡᠯ ᠡᠨᠡ ᠤᠳᠠᠭ᠎ᠠ ᠤᠯᠤᠰ ᠤᠨ ᠹᠢᠯᠠᠷᠮᠣᠨᠢ ᠶᠢᠨ ᠰᠢᠮᠹᠣᠨᠢ ᠨᠠᠶᠢᠷᠠᠯ  ᠬᠥᠭᠵᠢᠮ᠂ ᠮᠤᠷᠢᠨ ᠬᠤᠭᠤᠷ ᠤᠨ ᠴᠢᠭᠤᠯᠭ᠎ᠠ ᠠᠩᠬ᠎ᠠ ᠤᠳᠠᠭ᠎ᠠ ᠪᠦᠷᠢᠠ ᠡᠬᠡ ᠪᠠᠷ ᠨᠢ ᠬᠦᠭᠵᠢᠮᠳᠡᠬᠦ ᠪᠠ ᠮᠤᠷᠢᠨ ᠬᠤᠭᠤᠷ ᠤᠨ ᠴᠢᠭᠤᠯᠭ᠎ᠠ ᠶᠢᠨ ᠤᠳᠤᠷᠢᠳᠤᠭᠠᠴᠢ ᠳ᠋᠊ ·ᠲᠦᠪᠰᠢᠨᠰᠠᠢᠬᠠᠨ ᠤᠳᠤᠷᠢᠳᠤᠨ ᠲᠣᠭᠯᠠᠭᠤᠯᠤᠨ᠎ᠠ᠃
2018 ᠣᠨ ᠳᠤ ᠥᠪᠥᠷ ᠮᠣᠩᠭᠤᠯ ᠤᠨ ᠬᠦᠬᠡᠬᠤᠲᠠ ᠳᠤ 140 x 50  ᠮᠸᠲᠷ ᠲᠠᠶᠢᠰᠠ  ᠪᠦᠬᠦᠢ ᠣᠷᠳᠣᠨ ᠳᠤ 150 ᠣᠷᠴᠢᠮ ᠮᠣᠷᠢᠲᠠᠨ ᠤ ᠮᠤᠷᠢᠨ ᠼᠢᠷᠺ ᠤᠨ ᠦᠵᠡᠭᠦᠯᠪᠦᠷᠢ ᠳᠤ ᠵᠣᠷᠢᠭᠤᠯᠤᠭᠰᠠᠨ ᠬᠥᠭᠵᠢᠮ ᠢ ᠮᠤᠷᠢᠨ ᠬᠤᠭᠤᠷ ᠤᠨ ᠴᠢᠭᠤᠯᠭ᠎ᠠ᠂ ᠪᠡᠭᠡᠵᠢᠩ ᠤᠨ ᠰᠢᠮᠹᠣᠨᠢ ᠨᠠᠶᠢᠷᠠᠯ  ᠬᠥᠭᠵᠢᠮ ᠪᠢᠴᠢᠯᠭᠡ ᠬᠢᠵᠦ ᠲᠣᠭᠯᠠᠭᠰᠠᠨ ᠪᠠᠢᠳᠠᠭ᠃ ᠡᠨᠡ ᠤᠳᠠᠭ᠎ᠠ︽ᠠᠨᠢᠷ︾ᠫᠣᠫ ᠤᠷᠺᠧᠰᠲᠷ᠂ ᠮᠤᠷᠢᠨ ᠬᠤᠭᠤᠷ ᠤᠨ ᠴᠢᠭᠤᠯᠭ᠎ᠠ ᠶᠢᠨ ᠬᠥᠭᠵᠢᠮᠴᠢᠳ᠂ ᠨᠠᠶᠢᠷᠠᠯ ᠳᠠᠭᠤᠴᠢᠳ᠂ ᠭᠤᠴᠤᠯᠠᠯ ᠳᠠᠭᠤᠴᠢᠳ᠂︽увeртюра︾ᠬᠠᠮᠲᠤᠯᠢᠭ ᠬᠠᠮᠲᠤᠷᠠᠨ ᠠᠩᠬ᠎ᠠ ᠤᠳᠠᠭ᠎ᠠ ᠲᠣᠭᠯᠠᠬᠤ ᠭᠡᠵᠦ ᠪᠠᠶᠢᠨ᠎ᠡ᠃

ᠰᠡᠳᠬᠢᠭᠳᠡᠯ ᠦᠯᠡᠳᠡᠭᠡᠬᠦ