ᠶᠧᠵᠢᠫᠲ ᠲᠤ ᠪᠣᠯᠵᠤ ᠪᠤᠶ ᠫᠤᠤᠳᠠᠯᠭ᠎ᠠ ᠶᠢᠨ ᠰᠫᠣᠷᠲ ᠤᠨ ᠨᠠᠰᠤᠨ ᠳᠤ ᠬᠦᠷᠦᠭᠰᠡᠳ ᠤᠨ 53 ᠳᠠᠬᠢ ᠤᠳᠠᠭ᠎ᠠ ᠶᠢᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠠᠴᠠ ᠮᠠᠨ ᠤ ᠲᠠᠮᠢᠷᠴᠢᠳ ᠠᠯᠳᠠ᠂ ᠮᠦᠡᠭᠬᠦ᠂ ᠬᠦᠷᠡᠯ ᠮᠧᠳᠠᠯ ᠬᠦᠷᠲᠡᠯ᠎ᠡ᠃ ᠡᠮᠡᠭᠲᠡᠶᠢᠴᠦᠳ ᠤᠨ ᠲᠣᠮᠤ ᠺᠠᠯᠢᠪᠡᠷ ᠤᠨ ᠭᠠᠷ ᠫᠤᠤ ᠶᠢᠨ 25 ᠮᠧᠲᠷ ᠤᠨ ᠳᠠᠰᠬᠠᠯ ᠳᠤ ᠴ᠊ ·ᠮᠥᠩᠬᠡᠵᠤᠯᠠ 585 ᠤᠨᠤᠭ᠎ᠠ ᠪᠠᠷ ᠠᠯᠲᠠᠨ ᠮᠧᠳᠠᠯ ᠬᠦᠷᠲᠡᠵᠦ᠂ ᠲ᠊·ᠪᠠᠶᠠᠷᠴᠡᠴᠡᠭ 564 ᠤᠨᠤᠭ᠎ᠠ ᠪᠠᠷ ᠮᠥᠩᠭᠦᠨ ᠮᠧᠳᠠᠯ ᠤᠨ ᠡᠵᠡᠨ ᠪᠣᠯᠪᠠ᠃ ᠲᠡᠭᠦᠨᠴᠢᠯᠡᠨ ᠡ᠊ ·ᠬᠡᠰᠢᠭᠳᠡᠯᠭᠡᠷ 557 ᠤᠨᠤᠭ᠎ᠠ ᠪᠠᠷ ᠬᠦᠷᠡᠯ ᠮᠧᠳᠠᠯ ᠬᠦᠷᠲᠡᠭᠰᠡᠨ ᠢᠶᠠᠷ ᠮᠠᠨ ᠤ ᠭᠤᠷᠪᠠᠨ ᠲᠠᠮᠢᠷᠴᠢᠨ ᠤᠭ ᠳᠠᠰᠬᠠᠯ ᠤᠨ ᠪᠦᠬᠦ ᠮᠧᠳᠠᠯ ᠢ ᠬᠠᠷᠮᠠᠯᠠᠯᠠ᠃
ᠢᠩᠭᠢᠭᠰᠡᠨ ᠢᠶᠠᠷ ᠮᠠᠨ ᠤ ᠲᠠᠮᠢᠷᠴᠢᠳ ᠡᠨᠡ ᠵᠢᠯ ᠤᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠠᠴᠠ ᠨᠢᠭᠡ ᠠᠯᠳᠠ᠂ ᠬᠤᠶᠠᠷ ᠮᠦᠡᠭᠬᠦ᠂ ᠨᠢᠭᠡ ᠬᠦᠷᠡᠯ ᠮᠧᠳᠠᠯ ᠬᠦᠷᠲᠡᠭᠡᠳ ᠪᠠᠶᠢᠨ᠎ᠡ᠃ 10 ᠳ᠋ᠤᠭᠠᠷ ᠰᠠᠷ᠎ᠠ ᠶᠢᠨ 24 ᠳᠤ 50 ᠮᠧᠲᠷ ᠤᠨ ᠰᠣᠩᠭᠤᠮᠠᠯ ᠭᠠᠷ ᠫᠤᠤ ᠶᠢᠨ ᠬᠤᠯᠢᠮᠠᠬ ᠪᠠᠭ ᠤᠨ ᠳᠠᠰᠬᠠᠯ ᠳᠤ ᠴ᠊ ·ᠮᠥᠩᠬᠡᠵᠤᠯᠠ᠂ ᠡ᠊ ·ᠳᠠᠸᠠᠬᠦᠦ ᠨᠠᠷ ᠮᠥᠩᠭᠦᠨ ᠮᠧᠲ᠋ᠠᠯ ᠤᠨ ᠡᠵᠡᠨ ᠪᠣᠯᠣᠭᠰᠠᠨ ᠶᠤᠮ᠃