ᠬᠢᠯᠢ ᠶᠢᠨ ᠪᠣᠭᠤᠮᠲᠠ ᠬᠦᠷᠬᠦ ᠲᠡᠮᠦᠷ ᠵᠠᠮ ᠤᠨ ᠴᠠᠷᠢᠭ ᠢᠮᠫᠣᠷᠲᠯᠠᠭᠴᠢ ᠣᠷᠣᠨ ᠤ ᠬᠢ ᠲᠠᠢ ᠲᠣᠬᠢᠷᠠᠬᠤ ᠪᠠᠷ ᠲᠥᠰᠥᠯ ᠳᠤ ᠲᠤᠰᠬᠠᠵᠠᠢ | News.MN

ᠬᠢᠯᠢ ᠶᠢᠨ ᠪᠣᠭᠤᠮᠲᠠ ᠬᠦᠷᠬᠦ ᠲᠡᠮᠦᠷ ᠵᠠᠮ ᠤᠨ ᠴᠠᠷᠢᠭ ᠢᠮᠫᠣᠷᠲᠯᠠᠭᠴᠢ ᠣᠷᠣᠨ ᠤ ᠬᠢ ᠲᠠᠢ ᠲᠣᠬᠢᠷᠠᠬᠤ ᠪᠠᠷ ᠲᠥᠰᠥᠯ ᠳᠤ ᠲᠤᠰᠬᠠᠵᠠᠢ

ᠤᠯᠤᠰ ᠤᠨ ᠶᠡᠭᠡ ᠬᠤᠷᠠᠯ  ᠤᠨ ᠭᠡᠰᠢᠭᠦᠨ ᠪ∙ᠫᠦᠷᠪᠦᠳᠣᠷᠵᠢ 10 ᠰᠠᠷ᠎ᠠ ᠶᠢᠨ 21 ᠳᠦ︽ᠲᠥᠷᠥ ᠠᠴᠠ ᠲᠡᠮᠦᠷ ᠵᠠᠮ ᠤᠨ ᠲᠠᠯ᠎ᠠ ᠪᠠᠷ ᠪᠠᠷᠢᠮᠲᠠᠯᠠᠬᠤ ᠪᠣᠳᠤᠯᠭ᠎ᠠ︾ ᠶᠢᠨ ᠬᠡᠷᠡᠭᠵᠢᠯᠲᠡ ᠶᠢ ᠬᠠᠩᠭᠠᠬᠤ ᠵᠠᠷᠢᠮ ᠠᠷᠭ᠎ᠠ ᠬᠡᠮᠵᠢᠶᠡᠨ ᠤ ᠲᠤᠬᠠᠶ ᠤᠯᠤᠰ ᠤᠨ ᠶᠡᠭᠡ ᠬᠤᠷᠠᠯ ᠤᠨ ᠲᠣᠭᠲᠠᠭᠠᠯ ᠤᠨ ᠲᠥᠰᠥᠯ ᠢ  ᠤᠯᠤᠰ ᠤᠨ ᠶᠡᠭᠡ ᠬᠤᠷᠠᠯ  ᠤᠨ ᠳᠠᠷᠤᠭ᠎ᠠ ᠬ᠋᠊·ᠽᠠᠨᠳᠠᠨᠰᠢᠲᠠᠷ᠎ᠠ  ᠳᠦ ᠡᠷᠭᠦᠨ ᠮᠡᠳᠡᠭᠦᠯᠦᠯ᠎ᠡ᠃ ᠲᠡᠭᠦᠨ ᠦ ᠡᠷᠭᠦᠨ ᠪᠠᠷᠢᠵᠤ ᠪᠤᠢ ᠲᠣᠭᠲᠠᠭᠠᠯ ᠤᠨ ᠲᠥᠰᠥᠯ ᠨᠢ ᠬᠤᠶᠠᠷ ᠵᠦᠢᠯ ᠲᠠᠢ ᠪᠠᠶᠢᠬᠤ ᠪᠥᠭᠡᠳ ᠲᠡᠷᠡᠭᠠᠬᠢ ᠠᠰᠠᠭᠤᠳᠠᠯ ᠢ ᠲᠤᠰᠬᠠᠭᠰᠠᠨ ᠪᠣᠯᠬᠤ ᠶᠢ ᠲᠠᠨᠢᠯᠴᠠᠭᠤᠯᠪᠠ᠃ ᠡᠭᠦᠨ ᠳᠤ᠄
ᠨᠢᠭᠡᠳᠦᠭᠡᠷ ᠵᠦᠢᠯ᠄ ᠡᠺᠰᠫᠣᠷᠲ ᠲᠤ ᠰᠢᠭᠤᠦᠠ ᠲᠡᠭᠡᠭᠡᠪᠦᠷᠢᠯᠡᠭᠳᠡᠬᠦ ᠠᠰᠢᠭᠲᠤ ᠮᠠᠯᠲᠠᠮᠠᠯ ᠤᠨ ᠣᠷᠳᠣ ᠠᠴᠠ ᠬᠢᠯᠢ ᠶᠢᠨ ᠪᠣᠭᠤᠮᠲᠠ ᠬᠦᠷᠬᠦ ᠠᠴᠢᠶ᠎ᠠ ᠲᠡᠭᠡᠭᠡᠪᠦᠷᠢ ᠶᠢᠨ ᠵᠣᠷᠢᠭᠤᠯᠤᠯᠲᠠ ᠲᠠᠢ ᠲᠡᠮᠦᠷ ᠵᠠᠮ ᠤᠨ ᠱᠤᠭᠤᠮ ᠤᠨ ᠴᠠᠷᠢᠭ ᠨᠢ ᠢᠮᠫᠣᠷᠲᠯᠠᠭᠴᠢ ᠣᠷᠣᠨ ᠳᠤ ᠲᠠᠯᠪᠢᠭᠳᠠᠭᠰᠠᠨ ᠴᠠᠷᠢᠭ ᠲᠠᠢ ᠲᠣᠬᠢᠷᠠᠵᠤ ᠪᠠᠢᠬᠤ᠂
ᠬᠤᠶᠠᠳᠤᠭᠠᠷ ᠵᠦᠢᠯ ᠄︽ᠲᠥᠷᠥ ᠠᠴᠠ ᠲᠡᠮᠦᠷ ᠵᠠᠮ ᠤᠨ ᠲᠡᠭᠡᠭᠡᠪᠦᠷᠢ ᠶᠢᠨ ᠲᠠᠯᠠᠭᠠᠷ ᠪᠠᠷᠢᠮᠲᠠᠯᠠᠬᠤ ᠪᠣᠳᠤᠯᠭ᠎ᠠ︾ ᠶᠢᠨ ᠬᠡᠷᠡᠭᠵᠢᠯᠲᠡ ᠶᠢ ᠬᠠᠩᠭᠠᠬᠤ ᠵᠠᠷᠢᠮ ᠠᠷᠭ᠎ᠠ ᠬᠡᠮᠵᠢᠶᠡᠨ ᠤ ᠲᠤᠬᠠᠶ ᠤᠯᠤᠰ ᠤᠨ ᠶᠡᠭᠡ ᠬᠤᠷᠠᠯ ᠤᠨ ᠲᠣᠭᠲᠠᠭᠠᠯ ᠤᠨ ᠲᠥᠰᠥᠯ ᠤᠨ ᠬᠡᠷᠡᠭᠵᠢᠯᠲᠡ ᠳᠤ ᠬᠢᠨᠠᠯᠲᠠ ᠲᠠᠯᠪᠢᠬᠤ ᠲᠠᠯ᠎ᠠ ᠪᠠᠷ ᠲᠤᠰᠬᠠᠭᠰᠠᠨ ᠪᠠᠶᠢᠨ᠎ᠡ᠃

ᠰᠡᠳᠬᠢᠭᠳᠡᠯ ᠦᠯᠡᠳᠡᠭᠡᠬᠦ