ᠰᠡᠭᠦᠯ ᠤᠨ 14 ᠬᠤᠨᠤᠭ ᠲᠤ ᠨᠡᠭᠦᠷᠡᠰᠦᠨ ᠠᠴᠠ 260 ᠰᠠᠶ᠎ᠠ ᠳ᠋ᠣᠯᠯᠠᠷ ᠤᠨ ᠣᠷᠣᠯᠭ᠎ᠠ ᠣᠯᠵᠠᠢ | News.MN

ᠰᠡᠭᠦᠯ ᠤᠨ 14 ᠬᠤᠨᠤᠭ ᠲᠤ ᠨᠡᠭᠦᠷᠡᠰᠦᠨ ᠠᠴᠠ 260 ᠰᠠᠶ᠎ᠠ ᠳ᠋ᠣᠯᠯᠠᠷ ᠤᠨ ᠣᠷᠣᠯᠭ᠎ᠠ ᠣᠯᠵᠠᠢ

ᠡᠳ᠋ ᠤᠨ ᠵᠠᠰᠠᠭ᠂ ᠬᠥᠭᠵᠢᠯ ᠤᠨ ᠰᠠᠶᠢᠳ ᠴ᠊ ·ᠬᠦᠷᠡᠯᠪᠠᠭᠠᠲᠤᠷ  ᠤᠯᠤᠰ ᠤᠨ ᠶᠡᠭᠡ ᠬᠤᠷᠠᠯ  ᠤᠨ ᠭᠡᠰᠢᠭᠦᠳ ᠤᠨ ᠠᠰᠠᠭᠤᠯᠲᠠ ᠳᠤ ᠬᠠᠷᠢᠭᠤᠯᠪᠠ᠃ ᠲᠡᠷᠡ ᠪᠠᠷ ᠲᠡᠷᠡᠭᠠᠬᠢ ᠮᠡᠳᠡᠭᠡᠯᠡᠯ ᠢ ᠥᠭᠭᠦᠭᠰᠡᠨ ᠶᠤᠮ᠃ ᠨᠡᠭᠦᠷᠡᠰᠦ ᠪᠣᠷᠤᠯᠠᠭᠤᠯᠤᠯᠲᠠ ᠲᠠᠢ ᠬᠤᠯᠪᠣᠭ᠎ᠠ ᠲᠠᠢ ᠵᠠᠰᠠᠭ ᠤᠨ ᠭᠠᠵᠠᠷ ᠤᠨ ᠲᠣᠭᠲᠠᠭᠠᠯ ᠭᠠᠷᠤᠭᠰᠠᠨ᠃ ᠡᠨᠡ ᠲᠣᠭᠲᠠᠭᠠᠯ ᠢᠶᠠᠷ ᠲᠥᠯᠥᠪᠦᠷᠢ ᠶᠢ ᠨᠢ ᠤᠷᠢᠳᠴᠢᠯᠠᠨ ᠠᠪᠤᠭᠰᠠᠨ ᠨᠡᠭᠦᠷᠡᠰᠦ᠂ ᠣᠳᠤ ᠪᠣᠷᠣᠯᠠᠭᠤᠯᠬᠤ ᠨᠡᠭᠦᠷᠡᠰᠦ ᠪᠠᠨ ᠬᠡᠷᠬᠢᠨ ᠭᠠᠷᠭᠠᠬᠤ ᠲᠠᠯ᠎ᠠ ᠪᠠᠷ ᠵᠣᠬᠢᠴᠠᠭᠤᠯᠵᠤ᠂ ᠸᠠᠯᠢᠶᠤᠲ ᠤᠨ ᠤᠷᠤᠰᠬᠠᠯ ᠢᠶᠠᠨ ᠨᠡᠮᠡᠬᠦ ᠠᠷᠭ᠎ᠠ ᠭᠡᠮᠵᠢᠶ᠎ᠠ ᠠᠪᠬᠤ ᠶᠢ ᠬᠤᠯᠪᠦᠬᠳᠡᠬᠤ ᠠᠯᠪᠠᠨ ᠲᠤᠰᠢᠶᠠᠯᠲᠠᠳ ᠲᠤ ᠳᠠᠭᠠᠭᠠᠯᠭᠠᠭᠰᠠᠨ᠃  ᠲᠣᠭᠲᠠᠭᠠᠯ ᠬᠡᠷᠡᠭᠵᠢᠵᠦ ᠡᠬᠢᠯᠡᠭᠡᠳ 14 ᠬᠤᠨᠣᠪᠠ᠃ ᠦᠷ᠎ᠡ ᠳ᠋ᠦᠩ ᠳᠤ ᠨᠢ 260.6  ᠰᠠᠶ᠎ᠠ ᠳ᠋ᠣᠯᠯᠠᠷ ᠣᠷᠣᠵᠤ ᠢᠷᠡᠯ᠎ᠡ᠃ ᠡᠨᠡ ᠲᠣᠭᠲᠠᠭᠠᠯ ᠢ ᠪᠦᠷᠢᠠ ᠬᠡᠷᠡᠭᠵᠢᠭᠦᠯᠬᠦ ᠶᠢᠨ ᠲᠤᠯᠠᠳᠠ ᠠᠵᠢᠯ ᠤᠨ ᠬᠡᠰᠡᠭ ᠪᠠᠶᠢᠭᠤᠯᠤᠨ ᠠᠵᠢᠯᠯᠠᠵᠤ ᠪᠠᠶᠢᠨ᠎ᠡ᠃

ᠶᠢᠰᠦᠳᠦᠭᠡᠷ ᠰᠠᠷ᠎ᠠ ᠶᠢᠨ ᠪᠠᠶᠢᠳᠠᠯ ᠢᠶᠠᠷ ᠮᠣᠩᠭᠤᠯ ᠤᠯᠤᠰ ᠤᠨ ᠸᠠᠯᠢᠶᠤᠲ ᠤᠨ ᠨᠥᠭᠡᠴᠡ 2.8 ᠲᠡᠷᠪᠤᠮ ᠣᠷᠴᠢᠮ ᠳ᠋ᠣᠯᠯᠠᠷ ᠪᠠᠶᠢᠨ᠎ᠡ᠃ ᠨᠠᠢᠮᠠᠳᠤᠭᠠᠷ ᠰᠠᠷ᠎ᠠ ᠳᠤ 2.6 ᠲᠡᠷᠪᠤᠮ ᠳ᠋ᠣᠯᠯᠠᠷ ᠪᠠᠶᠢᠭᠰᠠᠨ᠃ ᠸᠠᠯᠢᠶᠤᠲ ᠤᠨ ᠨᠥᠭᠡᠴᠡ ᠨᠡᠮᠡᠭᠳᠡᠵᠦ ᠪᠠᠶᠢᠨ᠎ᠡ᠃ ᠪᠤᠰᠤᠳ ᠤᠯᠤᠰ ᠣᠷᠣᠨ ᠨᠤᠭᠤᠳ ᠢ ᠬᠠᠷᠠᠵᠤ ᠪᠠᠶᠢᠬᠤ ᠳᠤ ᠦᠨ᠎ᠡ ᠲᠣᠭᠲᠠᠪᠤᠷᠢᠵᠢᠭᠤᠯᠬᠤ ᠭᠡᠳ ᠵᠢᠭᠡᠯᠡ ᠥᠭᠳᠡᠭ᠂ ᠮᠦᠡᠭᠬᠦ ᠥᠭᠳᠡᠭ ᠠᠷᠭ᠎ᠠ ᠨᠤᠭᠤᠳ ᠪᠦᠬᠦᠳᠠ ᠪᠦᠲᠦᠯ ᠦᠭᠡᠶᠢᠳᠡᠵᠦ ᠪᠠᠶᠢᠨ᠎ᠡ᠃ ᠭᠤᠯᠢᠷ ᠤᠨ ᠺᠣᠮᠫᠠᠨᠢ ᠨᠤᠭᠤᠳ ᠲᠤ ᠬᠥᠩᠭᠡᠯᠡᠯᠲᠡ ᠲᠠᠢ ᠵᠢᠭᠡᠯᠡ ᠥᠭᠭᠦᠶ᠎ᠡ ᠭᠡᠬᠦ ᠳᠤ ᠰᠢᠯᠭᠠᠭᠤᠷ ᠢ ᠨᠢ ᠳᠠᠪᠠᠭᠠᠳ ᠠᠪᠬᠤ ᠠᠵᠤ ᠠᠬᠤᠢ ᠶᠢᠨ ᠨᠢᠭᠡᠴᠢ ᠬᠤᠪᠦᠷ ᠪᠠᠶᠢᠨ᠎ᠡ᠃ ᠳᠠᠪᠠᠭᠠᠳ ᠠᠪᠤᠯ᠎ᠠ ᠭᠡᠬᠦ ᠳᠤ ᠬᠡᠯᠡ ᠠᠮᠠ ᠪᠠᠶᠢᠩᠭᠤ ᠳᠠᠭᠠᠳᠠᠭ ᠤᠴᠢᠷ ᠪᠠᠩᠬᠢ ᠨᠢ ᠴᠤ᠂ ᠠᠵᠤ ᠠᠬᠤᠢ ᠶᠢᠨ ᠨᠢᠭᠡᠴᠢ ᠴᠤ ᠥᠭᠴᠦ᠂ ᠠᠪᠬᠤ ᠶᠢ ᠪᠣᠳᠣᠬᠤ ᠦᠭᠡᠢ ᠪᠠᠶᠢᠨ᠎ᠡ᠃ ᠲᠡᠭᠦᠨ ᠤ ᠣᠷᠣᠨ ᠳᠤ ᠵᠠᠬ᠎ᠠ ᠵᠢᠭᠡᠯᠡ ᠶᠢᠨ ᠢᠶᠠᠨ ᠵᠠᠮ ᠢ ᠲᠡᠭᠠᠬᠤ ᠨᠢ ᠵᠦᠢ ᠲᠠᠢ ᠭᠡᠰᠡᠨ ᠬᠠᠨᠳᠤᠯᠭ᠎ᠠ ᠲᠠᠢ ᠪᠠᠶᠢᠨ᠎ᠡ ᠭᠡᠪᠡ᠃

ᠰᠡᠳᠬᠢᠭᠳᠡᠯ ᠦᠯᠡᠳᠡᠭᠡᠬᠦ