ᠴᠠᠭᠠᠨᠴᠢᠯᠠᠭᠤᠲᠤ ᠶᠢᠨ ᠣᠪᠣᠭ᠎ᠠ ᠶᠢ ᠲᠠᠬᠢᠪᠠ | News.MN

ᠴᠠᠭᠠᠨᠴᠢᠯᠠᠭᠤᠲᠤ ᠶᠢᠨ ᠣᠪᠣᠭ᠎ᠠ ᠶᠢ ᠲᠠᠬᠢᠪᠠ

ᠨᠠᠮᠤᠷ ᠤᠨ ᠳᠤᠮᠳᠠ ᠰᠠᠷ᠎ᠠ ᠶᠢᠨ ᠪᠢᠯᠢᠭᠲᠦ ᠰᠠᠶᠢᠨ ᠡᠳᠦᠷ ᠬᠥᠪᠰᠥᠭᠥᠯ ᠠᠶᠢᠮᠠᠭ ᠤᠨ ᠠᠷᠤᠪᠤᠯᠠᠭ ᠰᠤᠮᠤ ᠶᠢᠨ ᠴᠠᠭᠠᠨᠴᠢᠯᠠᠭᠤᠲᠤ ᠶᠢᠨ ᠣᠪᠣᠭ᠎ᠠ ᠪᠤᠶᠤ ᠰᠢᠳᠠᠷ ᠸᠠᠩ ᠴᠢᠩᠭᠦᠨᠵᠠᠪ ᠤᠨ ᠣᠪᠣᠭ᠎ᠠ ᠶᠢ ᠨᠤᠲᠤᠭ ᠤᠨ ᠵᠣᠨ ᠣᠯᠠᠨ ᠲᠠᠬᠢᠯ᠎ᠠ᠃ ᠬᠣᠲᠣᠭᠣᠶᠢᠳ ᠤᠨ ᠰᠢᠳᠠᠷ ᠸᠠᠩ ᠴᠢᠩᠭᠦᠨᠵᠠᠪ 1757 ᠣᠨ ᠳᠤ ᠮᠠᠨᠵᠤ ᠳᠤ ᠪᠠᠷᠢᠭᠳᠠᠵᠤ᠂ ᠪᠡᠭᠡᠵᠢᠩ ᠳᠦ ᠠᠪᠠᠴᠢᠵᠤ ᠴᠠᠭᠠᠵᠠᠯᠠᠬᠤ ᠳᠤ᠂ ᠨᠤᠲᠤᠭ ᠤᠨ ᠢᠷᠭᠡᠨ ᠨᠢᠭᠤᠴᠠ ᠪᠠᠷ ᠲᠡᠭᠦᠨ ᠦ ᠡᠷᠡᠬᠡᠢ ᠬᠤᠷᠤᠭᠤ ᠶᠢ ᠲᠠᠰᠤ ᠴᠠᠪᠴᠢᠨ ᠡᠬᠡ ᠨᠤᠲᠤᠭ ᠲᠤ ᠨᠢ ᠠᠪᠴᠢᠷᠠᠵᠤ᠂ ᠬᠠᠳᠠᠭ ᠲᠤ ᠪᠣᠭᠣᠨ᠂ ᠮᠥᠩᠭᠥᠨ ᠬᠠᠶᠢᠷᠴᠠᠭ ᠲᠤ ᠬᠢᠵᠦ᠂ ᠪᠤᠤ ᠰᠡᠯᠡᠮ᠎ᠡ ᠶᠢᠨ ᠬᠠᠮᠲᠤ ᠭᠠᠵᠠᠷ ᠤᠬᠤᠨ ᠪᠤᠯᠠᠵᠤ᠂ ᠳᠡᠭᠡᠷ᠎ᠡ ᠨᠢ ᠴᠠᠭᠠᠨ ᠴᠢᠯᠠᠭᠤᠲᠤ ᠶᠢᠨ ᠣᠪᠣᠭ᠎ᠠ ᠶᠢ 1760 ᠣᠨ ᠤ ᠦᠶ᠎ᠡ ᠳᠦ ᠪᠣᠰᠬᠠᠭᠰᠠᠨ ᠭᠡᠳᠡᠭ ᠳᠣᠮᠣᠭ ᠶᠠᠷᠢᠶ᠎ᠠ ᠪᠠᠶᠢᠳᠠᠭ ᠃
ᠨᠤᠲᠤᠭ ᠤᠨ ᠵᠣᠨ ᠣᠯᠠᠨ ᠨᠠᠷᠠᠨ ᠡᠭᠡᠪᠦᠷ᠂ ᠦᠷᠡᠵᠢᠯ ᠰᠢᠮ᠎ᠡ ᠰᠠᠶᠢᠲᠠᠢ ᠠᠯᠤᠰ ᠤᠨ ᠪᠠᠷ᠎ᠠ ᠶᠡᠬᠡ ᠲᠡᠢ᠂ ᠬᠣᠲᠣᠭᠣᠶᠢᠳ ᠨᠤᠲᠤᠭ ᠤᠨ ᠲᠥᠪ᠂ ᠠᠷᠤᠪᠤᠯᠠᠭ ᠰᠤᠮᠤ ᠶᠢᠨ ᠲᠥᠪ ᠡᠴᠡ ᠤᠷᠤᠭᠰᠢ ᠠᠷᠪᠠᠭᠠᠳ ᠺᠢᠯᠣᠮᠧᠲ᠋ᠷ ᠤᠨ ᠵᠠᠢ ᠳᠤ ᠴᠠᠭᠠᠨᠴᠢᠯᠠᠭᠤᠲᠤ ᠶᠢᠨ ᠨᠢᠭᠡᠨ ᠪᠢᠴᠢᠬᠠᠨ ᠲᠣᠯᠣᠭᠠᠢ ᠳᠡᠭᠡᠷ᠎ᠡ  ᠬᠦᠷᠡᠩ ᠥᠩᠭᠡ ᠶᠢᠨ ᠬᠠᠪᠲᠠᠭᠠᠢ ᠴᠢᠯᠠᠭᠤ ᠪᠠᠷ ᠦᠶᠡᠯᠡᠨ ᠦᠷᠦᠵᠦ᠂ ᠡᠨᠡ ᠣᠪᠣᠭ᠎ᠠ ᠶᠢ ᠪᠣᠰᠬᠠᠵᠠᠢ᠃

ᠰᠡᠳᠬᠢᠭᠳᠡᠯ ᠦᠯᠡᠳᠡᠭᠡᠬᠦ