ᠹᠷᠠᠨᠼᠢ ᠤᠯᠤᠰ ᠤᠨ ᠡᠮᠴᠢ ᠨᠠᠷ ᠢᠷᠡᠯ᠎ᠡ | News.MN

ᠹᠷᠠᠨᠼᠢ ᠤᠯᠤᠰ ᠤᠨ ᠡᠮᠴᠢ ᠨᠠᠷ ᠢᠷᠡᠯ᠎ᠡ

ᠭᠡᠮᠲᠦᠯ ᠰᠣᠭᠣᠭ ᠰᠤᠳᠤᠯᠤᠯ ᠤᠨ ᠦᠨᠳᠦᠰᠦᠨ ᠦ ᠲᠥᠪ ᠨᠢ ᠹᠷᠠᠨᠼᠢ ᠤᠯᠤᠰ ᠤᠨ ᠣᠷᠯᠧᠣᠨ ᠬᠣᠲᠠ ᠶᠢᠨ ᠲᠥᠪ ᠡᠮᠨᠡᠯᠭᠡ ᠲᠡᠢ 22 ᠵᠢᠯ ᠦᠨ ᠲᠤᠷᠰᠢ ᠬᠠᠮᠲᠤᠷᠠᠨ ᠠᠵᠢᠯᠯᠠᠵᠤ᠂ ᠠᠵᠢᠯᠴᠢᠳ ᠲᠤᠷᠰᠢᠯᠭ᠎ᠠ ᠰᠤᠳᠤᠯᠬᠤ᠂ ᠰᠤᠷᠭᠠᠯᠲᠠ ᠵᠣᠬᠢᠶᠠᠨ ᠪᠠᠶᠢᠭᠤᠯᠬᠤ ᠵᠡᠷᠭᠡ ᠠᠵᠢᠯ ᠢ ᠬᠢᠵᠦ ᠢᠷᠡᠭᠰᠡᠨ ᠪᠥᠭᠡᠳ ᠰᠡᠭᠦᠯ ᠦᠨ ᠬᠣᠶᠠᠷ ᠵᠢᠯ ᠵᠠᠪᠰᠠᠷᠯᠠᠭᠠᠳ ᠪᠠᠶᠢᠭᠰᠠᠨ ᠶᠤᠮ᠃
10 ᠰᠠᠷ᠎ᠠ ᠶᠢᠨ 5-17 ᠤ ᠡᠳᠦᠷ ᠦᠳ ᠲᠦ ᠣᠷᠯᠧᠣᠨ ᠬᠣᠲᠠ ᠶᠢᠨ ᠲᠥᠪ ᠡᠮᠨᠡᠯᠭᠡ ᠶᠢᠨ ᠶᠡᠬᠡ ᠡᠮᠴᠢ ᠵᠣᠩ  ᠹᠷᠠᠨᠰᠤᠸᠠ ᠸᠢᠯᠠ᠂  ᠪᠧᠷᠲᠷᠠᠨ ᠮᠢᠦ᠋ᠩᠺᠧᠱᠲᠷᠠᠮ᠂ ᠯᠣᠷᠠᠨ  ᠪᠷᠠᠲ᠂ ᠰᠠᠪᠢᠨ  ᠷᠧᠨᠤ᠋ ᠨᠠᠷ ᠢᠷᠡᠵᠦ ᠠᠵᠢᠯᠯᠠᠯ᠎ᠠ᠃ ᠲᠡᠳᠡ ᠳᠦᠷᠰᠦ ᠣᠨᠣᠰᠢᠯᠠᠭᠠᠨ ᠤ ᠲᠠᠰᠤᠭ ᠤᠨ ᠡᠮᠴᠢ ᠨᠠᠷ ᠲᠠᠢ ᠬᠠᠮᠲᠤᠷᠠᠨ 100 ᠭᠠᠷᠤᠢ ᠬᠦᠨᠳᠦ ᠦᠵᠡᠯᠭᠡ᠂ ᠣᠨᠣᠰᠢᠯᠠᠭ᠎ᠠ ᠬᠢᠵᠦ᠂ 14 ᠡᠮᠴᠢᠯᠡᠭᠦᠯᠦᠭᠴᠢᠳ ᠲᠦ ᠦᠶᠡᠨ ᠦ ᠡᠮᠭᠡᠭ ᠦᠨ ᠡᠮᠴᠢᠯᠡᠭᠡ ᠶᠢ ᠬᠢᠭᠰᠡᠨ ᠪᠠᠶᠢᠨ᠎ᠠ᠃

ᠰᠡᠳᠬᠢᠭᠳᠡᠯ ᠦᠯᠡᠳᠡᠭᠡᠬᠦ