ᠰᠤᠮᠤ ᠶᠢᠨ ᠴᠣᠯᠠ ᠲᠠᠢ ᠪᠣᠯᠤᠨ ᠵᠠᠯᠠᠭᠤ ᠪᠥᠬᠡᠴᠦᠳ ᠦᠨ 101 ᠳ᠋ᠡᠬᠢ ᠪᠤᠶᠤ 11ᠳ᠋ᠤᠭᠡᠷ ᠰᠠᠷ᠎ᠠ ᠶᠢᠨ ᠡᠭᠡᠯᠵᠢᠲᠦ ᠪᠠᠷᠢᠯᠳᠤᠭᠠᠨ ᠥᠴᠥᠭᠡᠳᠦᠷ ᠪᠣᠯᠵᠤ᠂ 608 ᠪᠥᠬᠡ ᠤᠷᠠᠨ ᠮᠡᠬᠡ᠂ ᠠᠪᠬᠠᠯᠵᠢ ᠰᠠᠮᠪᠠᠭ᠎ᠠ ᠪᠠᠨ ᠰᠣᠷᠢᠨ ᠪᠠᠷᠢᠯᠳᠤᠭᠰᠠᠨ ᠠᠴᠠ ᠤᠪᠰᠤ ᠠᠶᠢᠮᠠᠭ ᠤᠨ ᠮᠠᠯᠴᠢᠨ ᠰᠤᠮᠤ ᠶᠢᠨ ᠬᠠᠷᠢᠶᠠᠲᠤ᠂ ᠰᠤᠮᠤ ᠶᠢᠨ ᠵᠠᠭᠠᠨ ᠡᠷᠳᠡᠨᠢᠲᠤᠭᠲᠤᠬᠤ ᠶᠢᠨ ᠲᠦᠮᠡᠡᠨᠠᠰᠤᠨ 10 ᠳᠠᠪᠠᠨ ᠠᠩᠬ᠎ᠠ ᠤᠳᠠᠭ᠎ᠠ ᠲᠦᠷᠦᠭᠦᠯᠡᠵᠡᠢ᠃
ᠮᠥᠨ ᠵᠠᠪᠬᠠᠨ ᠠᠶᠢᠮᠠᠭ ᠤᠨ ᠲᠦᠳᠦᠪᠲᠡᠢ ᠰᠤᠮᠤ ᠶᠢᠨ ᠳᠡᠮᠪᠡᠷᠢᠯᠳᠣᠷᠵᠢ ᠶᠢᠨ ᠬᠠᠨᠳᠠᠰᠦ᠋ᠷᠦᠩ ᠠᠩᠬ᠎ᠠ ᠤᠳᠠᠭ᠎ᠠ ᠦᠵᠦᠭᠦᠷᠯᠡᠭᠰᠡᠨ ᠪᠣᠯ ᠶᠡᠬᠡ ᠰᠢᠪᠦᠭᠡ ᠶᠢᠨ ᠭᠤᠷᠪᠠ ᠳᠤ ᠡᠮᠦᠨᠡᠭᠣᠪᠢ ᠠᠶᠢᠮᠠᠭ ᠤᠨ ᠮᠠᠩᠯᠠᠢ ᠰᠤᠮᠤ ᠶᠢᠨ ᠪ ∙ ᠪᠠᠲᠤ-ᠡᠷᠳᠡᠨᠢ ᠰᠢᠯᠭᠠᠷᠠᠭᠰᠠᠨ ᠪᠠᠶᠢᠨ᠎ᠠ᠃ ᠰᠣᠨᠢᠷᠬᠠᠭᠤᠯᠬᠤ ᠳᠤ᠂ ᠮᠣᠩᠭᠣᠯ ᠤᠨ ᠦᠨᠳᠦᠰᠦᠨ ᠦ ᠪᠥᠬᠡ ᠶᠢᠨ ᠬᠣᠯᠪᠣᠭᠠᠨ ᠠᠴᠠ ᠨᠡᠶᠢᠰᠯᠡᠯ ᠦᠨ ᠡᠳᠦᠷ ᠲᠦ ᠵᠣᠷᠢᠭᠤᠯᠤᠭᠰᠠᠨ ᠤᠯᠤᠰ᠂ ᠠᠶᠢᠮᠠᠭ ᠤᠨ ᠠᠯᠳᠠᠷ ᠴᠣᠯᠠ ᠲᠠᠢ 256 ᠪᠥᠬᠡ ᠶᠢᠨ ᠪᠠᠷᠢᠯᠳᠤᠭᠠᠨ ᠢ ᠡᠨᠡ ᠰᠠᠷ᠎ᠠ ᠶᠢᠨ 28 ᠳᠦ ᠵᠣᠬᠢᠶᠠᠨ ᠪᠠᠶᠢᠭᠤᠯᠤᠨ᠎ᠠ᠃