ᠮᠣᠩᠭᠤᠯ᠂ ᠲᠦᠷᠺ ᠤᠯᠤᠰ ᠤᠨ ᠪᠢᠽᠢᠨᠧᠰ ᠹᠣᠷᠤᠮ ᠤᠨ ᠦᠶ᠎ᠡ ᠳᠤ ᠢᠰᠲ᠋ᠠᠨᠪᠤᠯ ᠬᠤᠲᠠᠨ᠎ᠠ ᠠᠵᠢᠯ ᠬᠡᠷᠡᠭ ᠤᠨ ᠠᠭᠤᠯᠵᠠᠯᠲᠠ ᠪᠣᠯᠣᠯ᠎ᠠ᠃ ᠲᠦᠷᠻ ᠤᠨ ᠣᠯᠠᠨ ᠤᠯᠤᠰ ᠤᠨ ᠡᠳ᠋ ᠤᠨ ᠵᠠᠰᠠᠭ ᠤᠨ ᠬᠠᠷᠢᠯᠴᠠᠭᠠᠨ ᠤ ᠵᠥᠪᠯᠡᠯ︵DEIK︶ ᠦᠨ ᠵᠣᠬᠢᠶᠠᠨ ᠪᠠᠶᠢᠭᠤᠯᠤᠭᠰᠠᠨ ᠠᠭᠤᠯᠵᠠᠯᠲᠠ ᠳᠤ ᠲᠤᠰ ᠵᠥᠪᠯᠡᠯ ᠤᠨ ᠮᠣᠩᠭᠤᠯ ᠲᠦᠷᠺ ᠤᠨ ᠵᠥᠪᠯᠡᠯ ᠤᠨ ᠳᠡᠳ᠋ ᠲᠡᠷᠢᠬᠦᠠ ᠴᠢᠩᠭᠢᠽ ᠭᠤᠯᠠ᠂ ᠮᠣᠩᠭᠤᠯ ᠤᠯᠤᠰ ᠠᠴᠠ ᠢᠰᠲ᠋ᠠᠨᠪᠤᠯ ᠬᠤᠲᠠ ᠳᠤ ᠰᠠᠭᠤᠭ᠎ᠠ ᠶᠡᠷᠦᠩᠬᠡᠶ ᠺᠤᠨᠰᠦ᠋ᠯ ᠱ᠊ · ᠬᠡᠰᠢᠭᠰᠦ᠋ᠷᠦᠩ ᠨᠠᠷ ᠣᠷᠣᠯᠴᠠᠪᠠ᠃
ᠮᠣᠩᠭᠣᠯ ᠤᠨ ᠬᠤᠳᠠᠯᠳᠤᠭ᠎ᠠ᠂ ᠲᠡᠭᠡᠭᠡᠪᠦᠷᠢ ᠯᠤᠵᠢᠰᠲ᠋ᠢᠺ᠂ ᠪᠠᠷᠢᠯᠭ᠎ᠠ᠂ ᠠᠶᠠᠯᠠᠯ ᠵᠢᠭᠤᠯᠴᠢᠯᠠᠯ᠂ ᠬᠦᠨᠡᠰᠦ ᠬᠥᠳᠡᠭᠡ ᠠᠵᠤ ᠠᠬᠤᠶ᠂ ᠭᠤᠸ᠎ᠠ ᠰᠠᠶᠢᠬᠠᠨ ᠤ ᠴᠢᠭᠯᠡᠯ ᠢᠶᠠᠷ ᠦᠶᠯᠡ ᠠᠵᠢᠯᠯᠠᠭ᠎ᠠ ᠶᠠᠪᠤᠭᠤᠯᠳᠠᠭ 20 ᠣᠷᠴᠢᠮ ᠺᠣᠮᠫᠠᠨᠢ ᠶᠢᠨ ᠲᠥᠯᠦᠭᠡᠯᠡᠯ᠂ ᠲᠦᠷᠺ ᠠᠴᠠ ᠮᠦᠠ ᠠᠳᠡᠯᠢ ᠰᠠᠯᠪᠤᠷᠢ ᠶᠢᠨ 30 ᠣᠷᠴᠢᠮ ᠺᠣᠮᠫᠠᠨᠢ ᠶᠢᠨ ᠪᠢᠽᠢᠨᠧᠰ ᠡᠷᠬᠢᠯᠡᠭᠴᠢ ᠣᠷᠣᠯᠴᠠᠪᠠ᠃
ᠲᠡᠳᠡ ᠠᠷᠠᠰᠤ ᠰᠢᠷᠢ᠂ ᠮᠠᠯ ᠤᠨ ᠭᠠᠷᠤᠯ ᠲᠠᠢ ᠪᠠᠷᠠᠭ᠎ᠠ ᠪᠦᠲᠦᠭᠡᠭᠳᠡᠬᠦᠨ ᠦᠢᠯᠡᠳᠪᠦᠷᠢᠯᠡᠬᠦ᠂ ᠬᠠᠮᠲᠤᠷᠠᠵᠤ ᠬᠥᠷᠥᠩᠭᠡ ᠣᠷᠣᠭᠤᠯᠬᠤ ᠴᠢᠭᠯᠡᠯ ᠢᠶᠠᠷ ᠮᠣᠩᠭᠤᠯ ᠤᠯᠤᠰ ᠲᠤ 11 ᠳ᠋ᠦ᠋ᠭᠡᠷ ᠰᠠᠷ᠎ᠠ ᠳᠤ ᠠᠭᠤᠯᠵᠠᠯᠲᠠ ᠵᠣᠬᠢᠶᠠᠨ ᠪᠠᠶᠢᠭᠤᠯᠬᠤ ᠪᠠᠷ ᠲᠣᠭᠲᠠᠯ᠎ᠠ᠃ ᠮᠦᠠ ᠮᠣᠩᠭᠤᠯ ᠤᠯᠤᠰ ᠤᠨ ᠡᠳ᠋ ᠤᠨ ᠵᠠᠰᠠᠭ ᠤᠨ ᠴᠢᠯᠦᠭᠡᠳᠦ ᠪᠦᠰᠡ ᠳᠤ ᠭᠠᠳᠠᠭᠠᠳᠤ ᠶᠢᠨ ᠬᠥᠷᠥᠩᠭᠡ ᠣᠷᠤᠭᠤᠯᠤᠯᠲᠠ ᠶᠢ ᠲᠠᠲᠠᠬᠤ ᠴᠢᠭᠯᠡᠯ ᠢᠶᠠᠷ ᠲᠦᠷᠺ ᠤᠯᠤᠰ ᠤᠨ ᠲᠤᠷᠰᠢᠯᠭ᠎ᠠ ᠶᠢ ᠰᠤᠳᠤᠯᠬᠤ᠂ ᠲᠦᠷᠺ ᠤᠨ ᠴᠢᠯᠦᠭᠡᠳᠦ ᠪᠦᠰᠡ ᠶᠢᠨ ᠬᠥᠷᠥᠩᠭᠡ ᠣᠷᠣᠭᠤᠯᠤᠭᠴᠢ ᠪᠢᠽᠢᠨᠧᠰ ᠡᠷᠬᠢᠯᠡᠭᠴᠢᠳ ᠢ ᠮᠣᠩᠭᠣᠯ ᠤᠨ ᠴᠢᠯᠦᠭᠡᠳᠦ ᠪᠦᠰᠡ ᠨᠦᠭᠦᠳ ᠲᠤ ᠬᠥᠷᠥᠩᠭᠡ ᠣᠷᠣᠭᠤᠯᠬᠤ ᠪᠣᠯᠣᠮᠵᠢ ᠨᠤᠭᠤᠳ ᠢ ᠲᠠᠨᠢᠯᠴᠠᠭᠤᠯᠬᠤ ᠪᠠᠷ ᠪᠣᠯᠣᠯ᠎ᠠ᠃