︽ᠣᠶᠤᠲᠤ︾ᠤᠷᠠᠯᠠᠨ ᠤ ᠡᠭᠦᠰᠬᠡᠨ ᠪᠠᠶᠢᠭᠤᠯᠤᠭᠴᠢ ᠷ᠊·ᠡᠷᠳᠡᠨᠢᠪᠤᠯᠤᠷ᠂ ᠪ∙ᠣᠶᠤᠨᠴᠢᠮᠡᠭ ᠨᠠᠷ ᠵᠢᠯᠤᠭᠤᠴᠢ ᠪ∙ᠠᠮᠤᠷᠵᠢᠷᠭᠠᠯ ᠤᠨ ᠬᠦᠰᠡᠯᠲᠡ ᠪᠠᠷ ᠠᠦ᠋ᠲ᠋ᠣᠪᠦ᠋ᠰ ᠢ ᠨᠢ ᠮᠣᠩᠭᠤᠯ ᠪᠢᠴᠢᠭ ᠢᠶᠠᠷ ᠴᠢᠮᠡᠵᠦ ᠥᠭᠴᠡᠢ᠃ ᠪᠢᠳᠡ ᠷ᠊·ᠡᠷᠳᠡᠨᠢᠪᠤᠯᠤᠷ ᠲᠠᠢ ᠬᠤᠯᠪᠣᠭᠳᠠᠵᠤ ᠶᠠᠷᠢᠯᠴᠠᠯ᠎ᠠ᠃ ᠲᠡᠷᠡ ᠪᠠᠷ᠄ ᠠᠦ᠋ᠲ᠋ᠤᠪᠦ᠋ᠰ ᠤᠨ ᠵᠢᠯᠤᠭᠤᠴᠢ ᠪ∙ᠠᠮᠤᠷᠵᠢᠷᠭᠠᠯ ᠡᠭᠡᠴᠢ ᠠᠩᠬ᠎ᠠ ᠨᠠᠳᠠ ᠲᠠᠢ ᠬᠤᠯᠪᠣᠭᠳᠠᠵᠤ ᠠᠦ᠋ᠲ᠋ᠤᠪᠦ᠋ᠰ ᠲᠤ ᠪᠠᠨ ᠮᠣᠩᠭᠤᠯ ᠪᠢᠴᠢᠭ ᠪᠢᠴᠢᠭᠦᠯᠦᠮᠡᠷ ᠪᠠᠶᠢᠭ᠎ᠠ ᠪᠠᠨ ᠬᠡᠯᠡᠭᠰᠡᠨ᠃
ᠠᠵᠢᠯ ᠬᠠᠷᠠᠬᠠᠨ ᠳᠠᠭᠤᠰᠤᠭ᠎ᠠ ᠦᠭᠡᠢ ᠪᠠᠶᠢᠭ᠎ᠠ᠃ ᠳᠣᠲᠣᠷ᠎ᠠ ᠲᠠᠯ᠎ᠠ ᠳᠤ ᠨᠢ ᠮᠣᠩᠭᠤᠯ ᠪᠢᠴᠢᠭ ᠤᠨ ᠦᠰᠦᠭ᠂ ᠤᠷᠮ᠎ᠠ ᠶᠢᠨ ᠦᠭᠡᠰ ᠪᠢᠴᠢᠭᠰᠡᠨ᠃ ᠬᠠᠷᠢᠨ ᠠᠦ᠋ᠲ᠋ᠤᠪᠦ᠋ᠰ ᠤᠨ ᠭᠠᠳᠡᠨ᠎ᠡ ᠲᠠᠯ᠎ᠠ ᠳᠤ ᠮᠣᠩᠭᠤᠯ ᠬᠥᠮᠦᠨ ᠪᠦᠬᠦᠨ ᠮᠣᠩᠭᠤᠯ ᠪᠢᠴᠢᠭ ᠢᠶᠠᠨ ᠰᠤᠷᠬᠤ ᠲᠤᠬᠠᠢ ᠤᠷᠢᠶᠠᠯᠠᠭ᠎ᠠ ᠶᠢ ᠪᠢᠴᠢᠬᠦ ᠪᠠᠷ ᠲᠥᠯᠦᠪᠯᠡᠭᠰᠡᠨ ᠭᠡᠪᠡ᠃