ᠰ᠊ · ᠵᠠᠮᠪᠠᠯᠵᠠᠮᠰᠤ ᠰᠢᠯᠢᠳᠡᠭ ᠠᠷᠪᠠᠨ ᠳᠤᠭᠤᠢᠴᠢᠳ ᠤᠨ ᠨᠢᠭᠡ ᠪᠣᠯᠣᠯ᠎ᠠ | News.MN

ᠰ᠊ · ᠵᠠᠮᠪᠠᠯᠵᠠᠮᠰᠤ ᠰᠢᠯᠢᠳᠡᠭ ᠠᠷᠪᠠᠨ ᠳᠤᠭᠤᠢᠴᠢᠳ ᠤᠨ ᠨᠢᠭᠡ ᠪᠣᠯᠣᠯ᠎ᠠ

︽Tour de Langkawi 2022︾ᠮᠡᠷᠭᠡᠵᠢᠯ ᠤᠨ ᠳᠤᠭᠤᠢ ᠶᠢᠨ ᠣᠯᠠᠨ ᠡᠳᠦᠷ ᠤᠨ ᠲᠡᠮᠡᠴᠡᠭᠡᠨ ᠨᠠᠢᠮᠠ ᠬᠤᠨᠤᠭ ᠦᠷᠭᠦᠯᠵᠢᠯᠡᠵᠦ ᠥᠴᠥᠭᠡᠳᠦᠷ ᠳ᠋ᠦᠩ ᠢᠶᠠᠨ ᠭᠠᠷᠭᠠᠵᠠᠢ᠃ ᠲᠤᠰ ᠮᠡᠷᠭᠡᠵᠢᠯ ᠤᠨ︽A︾ᠵᠡᠷᠭᠡᠯᠡᠯ ᠤᠨ ᠲᠡᠮᠡᠴᠡᠭᠡᠨ ᠳᠤ 35 ᠣᠷᠣᠨ ᠤ 117 ᠲᠠᠮᠢᠷᠴᠢᠨ ᠬᠦᠴᠦ ᠰᠣᠷᠢᠨ ᠥᠷᠢᠰᠦᠯᠳᠦᠭᠰᠡᠨ ᠪᠥᠭᠡᠳ ᠮᠣᠩᠭᠤᠯ ᠤᠯᠤᠰ ᠢᠶᠠᠨ ᠲᠥᠯᠥᠭᠡᠯᠡᠨ ᠣᠷᠣᠯᠴᠠᠭᠰᠠᠨ ᠰ᠊·ᠵᠠᠮᠪᠠᠯᠵᠠᠮᠰᠤ 1100 ᠺᠢᠯᠣᠮᠧᠲᠷ ᠵᠠᠮ ᠢ 25:56 ‘ 32”  ᠲᠤ ᠲᠤᠭᠤᠯᠤᠨ ᠶᠢᠰᠦᠳᠦᠭᠡᠷ ᠪᠠᠶᠢᠷᠢ ᠳᠤ ᠤᠷᠤᠵᠤ᠂ ᠠᠽᠢᠶ᠎ᠠ ᠲᠢᠪ ᠤᠨ ᠰᠢᠯᠢᠳᠡᠭ ᠲᠠᠪᠤᠨ  ᠳᠤᠭᠤᠢᠴᠢᠳ ᠤᠨ ᠨᠢᠭᠡ ᠪᠣᠯᠣᠭᠰᠠᠨ ᠪᠠᠶᠢᠨ᠎ᠡ᠃
ᠡᠭᠦᠨ ᠠᠴᠠ ᠭᠠᠳᠡᠨ᠎ᠡ ᠲᠡᠷᠡ ᠠᠭᠤᠯᠠ ᠶᠢᠨ ᠰᠢᠯᠢᠳᠡᠭ ᠳᠤᠭᠤᠢᠴᠢᠳ ᠤᠨ ᠵᠢᠭᠰᠠᠭᠠᠯᠲᠠ ᠳᠤ ᠬᠤᠶᠠᠳᠤᠭᠠᠷ ᠪᠠᠶᠢᠷᠢ ᠡᠵᠡᠯᠡᠵᠦ᠂ ᠨᠡᠶᠢᠯᠡᠪᠦᠷᠢ ᠳ᠋ᠦᠩ ᠢᠶᠠᠷ ᠰᠢᠯᠢᠳᠡᠭ ᠠᠷᠪᠠ ᠳᠤ ᠪᠠᠭᠲᠠᠭᠰᠠᠨ ᠵᠡᠷᠭᠡ ᠠᠮᠵᠢᠯᠲᠠ ᠪᠠᠷ ᠢᠶᠠᠨ ᠮᠣᠩᠭᠣᠯ ᠤᠨ ᠳᠤᠭᠤᠢ ᠶᠢᠨ ᠰᠫᠣᠷᠲ ᠤᠨ ᠲᠡᠦᠬᠡᠨ ᠳᠤ ᠰᠢᠨ᠎ᠡ ᠬᠠᠭᠤᠳᠠᠰᠤ ᠨᠡᠭᠡᠭᠡᠯ᠎ᠡ᠃

ᠰᠡᠳᠬᠢᠭᠳᠡᠯ ᠦᠯᠡᠳᠡᠭᠡᠬᠦ