ᠮᠠᠯ ᠠᠵᠤ ᠠᠬᠤᠢ ᠶᠢᠨ ᠰᠠᠯᠪᠤᠷᠢ ᠳᠤ ᠲᠤᠯᠡᠭᠠᠠ ᠢᠯᠭᠠᠷᠠᠭᠤᠯᠤᠯᠲᠠ ᠶᠢ ᠪᠠᠭᠤᠷᠠᠭᠤᠯᠤᠨ᠎ᠠ | News.MN

ᠮᠠᠯ ᠠᠵᠤ ᠠᠬᠤᠢ ᠶᠢᠨ ᠰᠠᠯᠪᠤᠷᠢ ᠳᠤ ᠲᠤᠯᠡᠭᠠᠠ ᠢᠯᠭᠠᠷᠠᠭᠤᠯᠤᠯᠲᠠ ᠶᠢ ᠪᠠᠭᠤᠷᠠᠭᠤᠯᠤᠨ᠎ᠠ

ᠬᠦᠨᠡᠰᠦ᠂ ᠬᠥᠳᠡᠭᠡ ᠠᠵᠤ ᠠᠬᠤᠶ᠂ ᠬᠥᠩᠭᠡᠨ ᠦᠢᠯᠡᠳᠪᠦᠷᠢ ᠶᠢᠨ ᠶᠠᠮᠤᠨ ᠤ ᠲᠥᠷᠦ ᠶᠢᠨ ᠨᠡᠷᠢᠠ ᠪᠢᠴᠢᠭ ᠤᠨ ᠳᠠᠷᠤᠭ᠎ᠠ ᠲ᠊ · ᠵᠠᠮᠪᠠᠯᠴᠡᠷᠡᠨ ᠠᠭᠤᠷ ᠠᠮᠢᠰᠬᠤᠯ ᠤᠨ ᠨᠣᠭᠤᠭᠠᠨ ᠰᠠᠩ ᠤᠨ ᠪᠦᠰᠡ ᠶᠢᠨ ᠵᠥᠪᠯᠡᠬᠦ ᠶᠤᠰᠤᠺᠧ ᠲᠠᠶᠢᠱᠢ᠂  ᠨᠢᠭᠡᠳᠦᠭᠰᠡᠨ ᠦᠨᠳᠦᠰᠦᠨ ᠤ ᠪᠠᠶᠢᠭᠤᠯᠤᠯᠭ᠎ᠠ  ᠶᠢᠨ ᠬᠥᠭᠵᠢᠯ ᠤᠨ ᠬᠥᠲᠥᠯᠪᠦᠷᠢ ᠶᠢᠨ ᠰᠠᠭᠤᠷᠢᠨ ᠲᠥᠯᠦᠭᠡᠯᠡᠭᠴᠢ  ᠢᠯᠧᠨ ᠺᠤᠨᠺᠢᠶ᠋ᠸᠸᠢᠴ ᠨᠠᠷ ᠲᠠᠢ ᠠᠭᠤᠯᠵᠠᠵᠤ᠂ 2021 ᠣᠨ ᠠᠴᠠ ᠬᠡᠷᠡᠭᠵᠢᠵᠦ ᠡᠬᠢᠯᠡᠭᠰᠡᠨ︽ᠮᠣᠩᠭᠤᠯ ᠣᠷᠣᠨ ᠤ ᠬᠥᠳᠡᠭᠡ ᠶᠢᠨ ᠢᠷᠭᠡᠳ ᠤᠨ ᠠᠭᠤᠷ ᠠᠮᠢᠰᠬᠤᠯ ᠤᠨ ᠥᠭᠡᠷᠡᠴᠢᠯᠡᠯᠲᠡ ᠳᠤ ᠳᠠᠰᠤᠨ ᠵᠣᠬᠢᠴᠠᠬᠤ ᠴᠢᠳᠠᠮᠵᠢ ᠪᠤᠯᠦᠠ ᠡᠷᠡᠰᠳᠡᠯ ᠤᠨ ᠮᠧᠨᠧᠵᠮᠧᠨ᠋ᠲ ᠢ ᠪᠤᠯᠪᠡᠰᠦᠷᠡᠩᠭᠤᠢ ᠪᠣᠯᠭᠠᠬᠤ ᠨᠢ︾ᠲᠥᠰᠥᠯ ᠤᠨ ᠬᠡᠷᠡᠭᠵᠢᠯᠲᠡ᠂ ᠶᠠᠪᠤᠴᠠ᠂ ᠲᠤᠯᠭᠠᠮᠳᠠᠵᠤ ᠪᠠᠶᠢᠭ᠎ᠠ ᠠᠰᠠᠭᠤᠳᠠᠯ ᠢᠶᠠᠷ ᠰᠠᠨᠠᠯ ᠰᠣᠯᠢᠯᠴᠠᠯ᠎ᠠ᠃
ᠠᠭᠤᠷ ᠠᠮᠢᠰᠬᠤᠯ ᠤᠨ ᠨᠣᠭᠤᠭᠠᠨ ᠰᠠᠩ ᠤᠨ ᠰᠠᠩᠬᠦᠵᠢᠯᠲᠡ ᠲᠠᠢ︽ᠮᠣᠩᠭᠤᠯ ᠣᠷᠣᠨ ᠤ ᠬᠥᠳᠡᠭᠡ ᠶᠢᠨ ᠢᠷᠭᠡᠳ ᠤᠨ ᠠᠭᠤᠷ ᠠᠮᠢᠰᠬᠤᠯ ᠤᠨ ᠥᠭᠡᠷᠡᠴᠢᠯᠡᠯᠲᠡ ᠳᠤ ᠳᠠᠰᠤᠨ ᠵᠣᠬᠢᠴᠠᠬᠤ ᠴᠢᠳᠠᠮᠵᠢ ᠪᠤᠯᠦᠠ ᠡᠷᠡᠰᠳᠡᠯ ᠤᠨ ᠮᠧᠨᠧᠵᠮᠧᠨ᠋ᠲ ᠢ ᠪᠤᠯᠪᠡᠰᠦᠷᠡᠩᠭᠤᠢ ᠪᠣᠯᠭᠠᠬᠤ ᠨᠢ︾  ᠲᠥᠰᠥᠯ ᠢ ᠪᠠᠶᠢᠭᠠᠯᠢ ᠣᠷᠴᠢᠨ ᠠᠶᠠᠯᠠᠯ ᠵᠢᠭᠤᠯᠴᠢᠯᠠᠯ ᠤᠨ ᠶᠠᠮᠤᠨ ᠬᠡᠷᠡᠭᠵᠢᠭᠦᠯᠵᠦ᠂ ᠭᠤᠣᠯ ᠲᠦᠩᠰᠢᠯᠡᠭᠴᠢ ᠪᠠᠷ ᠨᠢᠭᠡᠳᠦᠭᠰᠡᠨ ᠦᠨᠳᠦᠰᠦᠨ ᠤ ᠪᠠᠶᠢᠭᠤᠯᠤᠯᠭ᠎ᠠ ᠶᠢᠨ ᠬᠥᠭᠵᠢᠯ ᠤᠨ ᠬᠥᠲᠥᠯᠪᠦᠷᠢ᠂ ᠬᠦᠨᠡᠰᠦ᠂ ᠬᠥᠳᠡᠭᠡ ᠠᠵᠤ ᠠᠬᠤᠶ᠂ ᠬᠥᠩᠭᠡᠨ ᠦᠢᠯᠡᠳᠪᠦᠷᠢ ᠶᠢᠨ ᠶᠠᠮᠤᠨ᠂  ᠣᠨᠴᠠᠭᠠᠢ ᠪᠠᠶᠢᠳᠠᠯ ᠤᠨ ᠶᠡᠷᠦᠩᠬᠡᠶ ᠭᠠᠵᠠᠷ ᠠᠵᠢᠯᠯᠠᠵᠤ ᠪᠠᠶᠢᠨ᠎ᠡ᠃ ᠡᠨᠡ ᠲᠥᠰᠥᠯ ᠨᠢ ᠪᠡᠯᠴᠢᠭᠡᠷ ᠤᠨ ᠲᠣᠭᠲᠠᠪᠤᠷᠢᠲᠠᠶ ᠮᠧᠨᠧᠵᠮᠧᠨ᠋ᠲ ᠢ ᠬᠡᠷᠡᠭᠵᠢᠭᠦᠯᠬᠦ᠂ ᠬᠥᠷᠥᠰᠥᠨ ᠳᠤ ᠨᠡᠭᠦᠷᠡᠰᠦᠲᠥ᠋ᠷᠥᠭᠴᠢ ᠶᠢ ᠰᠢᠩᠭᠡᠭᠡᠬᠦ ᠵᠠᠮ ᠢᠶᠠᠷ ᠮᠠᠯ ᠠᠵᠤ ᠠᠬᠤᠢ ᠶᠢᠨ ᠰᠠᠯᠪᠤᠷᠢ ᠳᠤ ᠲᠤᠯᠡᠭᠠᠠ ᠢᠯᠭᠠᠷᠠᠭᠤᠯᠤᠯᠲᠠ ᠶᠢ ᠪᠠᠭᠤᠷᠠᠭᠤᠯᠬᠤ᠂  ᠤᠷᠤᠰᠴᠠ ᠪᠦᠷᠢᠳᠬᠦ ᠡᠬᠢ ᠪᠤᠯᠦᠠ ᠭᠤᠣᠯ ᠮᠥᠷᠡᠨ ᠤ ᠰᠠᠪᠠ ᠭᠠᠵᠠᠷ ᠤᠨ ᠤᠨᠠᠭᠠᠨ ᠲᠦᠷᠬᠦ᠂ ᠡᠺᠤ ᠰᠢᠰᠲ᠋ᠧᠮ ᠢ ᠬᠠᠮᠡᠭᠠᠯᠡᠬᠤ᠂ ᠤᠰᠤᠨ ᠤ ᠬᠡᠮᠨᠡᠯᠲᠡ ᠲᠠᠢ ᠲᠧᠭᠨᠣᠯᠣᠭᠢ ᠨᠡᠪᠲᠡᠷᠡᠭᠦᠯᠬᠦ ᠵᠠᠮ ᠢᠶᠠᠷ ᠤᠰᠤᠨ ᠤ ᠨᠥᠭᠡᠴᠡ ᠶᠢᠨ ᠬᠦᠷᠦᠯᠴᠡᠭᠡ ᠶᠢ ᠬᠠᠩᠭᠠᠬᠤ ᠵᠡᠷᠭᠡ ᠦᠶᠯᠡ ᠠᠵᠢᠯᠯᠠᠭ᠎ᠠ ᠶᠢ ᠬᠡᠷᠡᠭᠵᠢᠭᠦᠯᠬᠦ ᠳᠤ ᠳᠡᠮᠵᠢᠯᠭᠡ ᠦᠵᠡᠭᠦᠯᠬᠦ ᠵᠣᠷᠢᠯᠭ᠎ᠠ ᠲᠠᠢ᠃

ᠰᠡᠳᠬᠢᠭᠳᠡᠯ ᠦᠯᠡᠳᠡᠭᠡᠬᠦ