ᠶᠡᠷᠦᠩᠬᠡᠶᠢᠯᠡᠭᠴᠢ ᠠᠵᠤ ᠠᠬᠤᠢ ᠶᠢᠨ ᠨᠢᠭᠡᠴᠢ ᠨᠤᠭᠦᠳ ᠲᠤ ᠲᠠᠯᠠᠷᠬᠠᠯ ᠢᠯᠡᠷᠬᠡᠶᠢᠯᠡᠪᠡ | News.MN

ᠶᠡᠷᠦᠩᠬᠡᠶᠢᠯᠡᠭᠴᠢ ᠠᠵᠤ ᠠᠬᠤᠢ ᠶᠢᠨ ᠨᠢᠭᠡᠴᠢ ᠨᠤᠭᠦᠳ ᠲᠤ ᠲᠠᠯᠠᠷᠬᠠᠯ ᠢᠯᠡᠷᠬᠡᠶᠢᠯᠡᠪᠡ

ᠶᠡᠷᠦᠩᠬᠡᠶᠢᠯᠡᠭᠴᠢ ᠤ᠊·ᠬᠦᠷᠡᠯᠰᠦ᠋ᠬᠡ︽ᠬᠦᠨᠡᠰᠦᠨ ᠤ ᠬᠠᠩᠭᠠᠮᠵᠢ᠂ ᠠᠶᠤᠯᠭᠦᠢ ᠪᠠᠶᠢᠳᠠᠯ︾ᠦᠨᠳᠦᠰᠦᠨ ᠤ ᠬᠥᠳᠡᠯᠭᠡᠭᠡᠨ ᠤ ᠬᠦᠷᠢᠶᠡᠨ ᠳᠤ ᠦᠢᠯᠡᠳᠪᠦᠷᠢᠯᠡᠭᠴᠢ ᠠᠵᠤ ᠠᠬᠤᠢ ᠶᠢᠨ ᠨᠢᠭᠡᠴᠢ ᠨᠦᠭᠦᠳ ᠲᠤ ᠠᠵᠢᠯᠯᠠᠵᠤ ᠪᠠᠶᠢᠨ᠎ᠡ᠃ ᠲᠡᠷᠡ ᠪᠠᠷ ᠥᠨᠥᠳᠥᠷ︽ᠦᠯᠡᠮᠵᠢ ᠣᠷᠭᠠᠨᠢᠭ︾ᠺᠤᠮᠫᠠᠨᠢ ᠪᠤᠯᠦᠠ︽ᠪᠡᠶᠡᠯᠢᠬ ᠹᠢᠳ᠋︾ᠺᠤᠮᠫᠠᠨᠢ ᠳᠤ ᠠᠵᠢᠯᠯᠠᠯ᠎ᠠ᠃

ᠮᠣᠩᠭᠤᠯ ᠤᠯᠤᠰ ᠤᠨ ᠶᠡᠷᠦᠩᠬᠡᠶᠢᠯᠡᠭᠴᠢ  ᠲᠠᠬᠤᠯ ᠤᠨ  ᠬᠦᠨᠳᠦ ᠵᠢᠯ ᠤᠳ ᠲᠤ ᠦᠶᠯᠡ ᠠᠵᠢᠯᠯᠠᠭ᠎ᠠ ᠪᠠᠨ ᠲᠠᠰᠤᠯᠳᠠᠭᠤᠯᠤᠯ ᠦᠭᠡᠢ᠂ ᠣᠯᠠᠨ ᠬᠥᠮᠥᠨ ᠤ ᠠᠵᠢᠯ ᠤᠨ ᠪᠠᠶᠢᠷᠢ ᠶᠢ ᠬᠠᠳᠠᠭᠠᠯᠠᠵᠤ ᠪᠠᠶᠢᠭ᠎ᠠ ᠠᠵᠤ ᠠᠬᠤᠢ ᠶᠢᠨ ᠨᠢᠭᠡᠴᠢ ᠨᠦᠭᠦᠳ ᠤᠨ ᠤᠳᠤᠷᠢᠳᠤᠯᠭ᠎ᠠ ᠨᠠᠷ ᠲᠤ ᠲᠠᠯᠠᠷᠬᠠᠯ  ᠢᠯᠡᠷᠬᠡᠢᠯᠡᠵᠦ᠂ ᠢᠷᠭᠡᠳ ᠢᠶᠠᠨ ᠡᠷᠡᠭᠦᠯ᠂  ᠠᠶᠤᠯᠭᠦᠢ ᠬᠦᠨᠡᠰᠦ ᠪᠠᠷ ᠬᠠᠩᠭᠠᠬᠤ ᠶᠢᠨ ᠲᠥᠯᠥᠭᠡ ᠲᠥᠷᠦ᠂ ᠬᠤᠪᠢ ᠶᠢᠨ ᠬᠡᠪᠰᠢᠯ ᠬᠠᠮᠲᠤ ᠳᠤ ᠪᠠᠨ ᠴᠢᠷᠮᠠᠶᠢᠬᠤ ᠨᠢ ᠴᠢᠬᠤᠯᠠ ᠪᠠᠶᠢᠭ᠎ᠠ ᠶᠢ ᠬᠡᠯᠡᠪᠡ᠃
︽ᠦᠯᠡᠮᠵᠢ ᠣᠷᠭᠠᠨᠢᠭ︾ ᠺᠤᠮᠫᠠᠨᠢ 11 ᠨᠡᠷ᠎ᠡ ᠲᠥᠷᠥᠯ ᠤᠨ 30  ᠰᠢᠯ ᠰᠠᠪᠠ  ᠲᠠᠢ ᠪᠦᠲᠦᠭᠡᠭᠳᠡᠬᠦᠨ ᠦᠢᠯᠡᠳᠪᠦᠷᠢᠯᠡᠨ ᠵᠠᠬ᠎ᠠ ᠵᠡᠭᠡᠯᠢ ᠳᠤ ᠨᠡᠶᠢᠯᠡᠭᠦᠯᠵᠦ ᠪᠠᠶᠢᠨ᠎ᠡ᠃︽ᠪᠡᠶᠡᠯᠢᠬ ᠹᠢᠳ᠋︾ᠺᠤᠮᠫᠠᠨᠢ 2018 ᠣᠨ ᠠᠴᠠ ᠡᠷᠴᠢᠮᠵᠢᠭᠰᠡᠨ ᠠᠵᠤ ᠠᠬᠤᠢ ᠶᠢᠨ ᠨᠢᠭᠡᠴᠢ ᠨᠦᠭᠦᠳ ᠲᠤ ᠤᠭᠤᠷᠠᠭ᠂ ᠠᠮᠢᠨ ᠲᠡᠮ᠂  ᠸᠢᠲ᠋ᠠᠮᠢᠨ ᠢᠶᠠᠷ ᠪᠡᠶᠡᠯᠢᠬ ᠪᠦᠲᠦᠭᠡᠭᠳᠡᠬᠦᠨ ᠨᠡᠶᠢᠯᠡᠭᠦᠯᠵᠦ ᠪᠠᠶᠢᠨ᠎ᠡ᠃

ᠰᠡᠳᠬᠢᠭᠳᠡᠯ ᠦᠯᠡᠳᠡᠭᠡᠬᠦ