ᠬᠠᠭᠤᠷᠠᠶ ᠪᠣᠭᠤᠮᠲᠠ ᠬᠥᠭᠵᠢᠭᠦᠯᠬᠦ ᠠᠰᠠᠭᠤᠳᠠᠯ ᠢᠶᠠᠷ ᠵᠦᠪᠯᠡᠯᠳᠦᠯ᠎ᠡ | News.MN

 ᠬᠠᠭᠤᠷᠠᠶ ᠪᠣᠭᠤᠮᠲᠠ ᠬᠥᠭᠵᠢᠭᠦᠯᠬᠦ ᠠᠰᠠᠭᠤᠳᠠᠯ ᠢᠶᠠᠷ ᠵᠦᠪᠯᠡᠯᠳᠦᠯ᠎ᠡ

ᠮᠣᠩᠭᠤᠯ ᠤᠯᠤᠰ ᠤᠨ ᠭᠠᠳᠠᠭᠠᠳᠤ ᠬᠠᠷᠢᠯᠴᠠᠭᠠᠨ ᠤ ᠶᠠᠮᠤᠨ ᠤ ᠬᠥᠷᠥᠩᠭᠡ ᠣᠷᠤᠭᠤᠯᠤᠯᠲᠠ ᠶᠢᠨ ᠰᠤᠳᠤᠯᠭᠠᠨ ᠤ ᠲᠥᠪ  ᠨᠢᠭᠡᠳᠦᠭᠰᠡᠨ ᠦᠨᠳᠦᠰᠦᠨ ᠤ ᠪᠠᠶᠢᠭᠤᠯᠤᠯᠭ᠎ᠠ  ᠶᠢᠨ ᠠᠽᠢᠶ᠎ᠠ᠂ ᠨᠤᠮᠦᠬᠠᠠ ᠳᠠᠯᠠᠢ ᠶᠢᠨ ᠡᠳ᠋ ᠤᠨ ᠵᠠᠰᠠᠭ ᠨᠡᠶᠢᠭᠡᠮ ᠤᠨ ᠺᠣᠮᠢᠰ ᠲᠠᠢ ᠬᠠᠮᠲᠤᠷᠠᠨ ᠮᠣᠩᠭᠤᠯ ᠤᠯᠤᠰ ᠲᠤ  ᠬᠠᠭᠤᠷᠠᠶ ᠪᠣᠭᠤᠮᠲᠠ ᠬᠥᠭᠵᠢᠭᠦᠯᠬᠦ ᠠᠰᠠᠭᠤᠳᠠᠯ ᠢᠶᠠᠷ ᠣᠯᠠᠨ ᠤᠯᠤᠰ ᠤᠨ ᠰᠢᠨᠵᠢᠭᠡᠴᠢ ᠨᠠᠷ ᠤᠨ ᠲᠦᠪᠰᠢᠨ ᠤ ᠲᠧᠭᠨᠢᠭ ᠤᠨ ᠵᠥᠪᠯᠡᠯᠳᠦᠬᠦ ᠠᠭᠤᠯᠵᠠᠯᠲᠠ ᠶᠢ ᠡᠨᠡ ᠣᠨ ᠤ 10 ᠳ᠋ᠤᠭᠠᠷ ᠰᠠᠷ᠎ᠠ ᠶᠢᠨ 18 ᠤ ᠡᠳᠦᠷ ᠤᠯᠠᠭᠠᠨᠪᠠᠭᠠᠲᠤᠷ ᠬᠤᠲᠠᠨ᠎ᠠ ᠵᠣᠬᠢᠶᠠᠨ ᠪᠠᠶᠢᠭᠤᠯᠪᠠ᠃
ᠵᠥᠪᠯᠡᠯᠳᠦᠬᠦ ᠠᠭᠤᠯᠵᠠᠯᠲᠠ ᠳᠤ ᠮᠣᠩᠭᠤᠯ᠂ ᠤᠷᠦᠰ᠂ ᠬᠢᠲᠠᠳ ᠤᠨ ᠲᠡᠭᠡᠭᠡᠪᠦᠷᠢ ᠶᠢᠨ ᠶᠠᠮᠤᠨ᠂ ᠭᠠᠶᠢᠯᠢ᠂ ᠲᠡᠮᠦᠷ ᠵᠡᠮ᠂ ᠲᠥᠷᠦ ᠶᠢᠨ ᠵᠠᠬᠢᠷᠭᠠᠨ ᠤ ᠬᠤᠯᠪᠦᠬᠳᠡᠬᠤ ᠪᠤᠰᠤᠳ ᠪᠠᠶᠢᠭᠤᠯᠤᠯᠭ᠎ᠠ ᠪᠤᠯᠦᠠ ᠣᠯᠠᠨ ᠤᠯᠤᠰ ᠤᠨ ᠪᠠᠶᠢᠭᠤᠯᠤᠯᠭ᠎ᠠ᠂ ᠣᠯᠠᠨ ᠤᠯᠤᠰ ᠤᠨ ᠪᠠᠩᠬᠢ ᠰᠠᠩᠬᠦᠦ ᠶᠢᠨ ᠪᠠᠶᠢᠭᠤᠯᠤᠯᠭ᠎ᠠ ᠶᠢᠨ ᠲᠥᠯᠦᠭᠡᠯᠡᠯ ᠪᠡᠶᠡᠴᠢᠯᠡᠨ ᠪᠤᠯᠦᠠ ᠴᠠᠬᠢᠮ ᠢᠶᠠᠷ ᠣᠷᠣᠯᠴᠠᠪᠠ᠃ ᠲᠡᠭᠦᠨᠴᠢᠯᠡᠨ ᠬᠠᠭᠤᠷᠠᠶ ᠪᠣᠭᠤᠮᠲᠠ ᠶᠢᠨ ᠲᠠᠯ᠎ᠠ ᠪᠠᠷ ᠰᠠᠶᠢᠨ ᠲᠤᠷᠰᠢᠯᠭ᠎ᠠ ᠠᠴᠠ ᠪᠠᠨ ᠬᠤᠪᠢᠶᠠᠯᠴᠠᠬᠤ ᠪᠠᠷ ᠺᠡᠽᠡᠬᠰᠲ᠋ᠡᠠ ᠵᠡᠷᠭᠡ ᠣᠷᠣᠨ ᠤ ᠲᠥᠯᠦᠭᠡᠯᠡᠭᠴᠢᠳ ᠬᠦᠷᠦᠯᠴᠡᠨ ᠢᠷᠡᠭᠰᠡᠨ  ᠪᠠᠢᠪᠠ᠃
ᠮᠠᠨ ᠤ ᠤᠯᠤᠰ ᠤᠨ ᠭᠤᠷᠪᠠᠳᠠᠭᠴᠢ ᠣᠷᠣᠨ ᠲᠠᠢ ᠬᠢᠬᠦ ᠡᠺᠰᠫᠣᠷᠲ᠂ ᠢᠮᠫᠣᠷᠲ ᠪᠤᠯᠦᠠ ᠳᠡᠮᠵᠢᠨ ᠦᠡᠭᠭᠡᠷᠡᠬᠦ ᠲᠡᠭᠡᠭᠡᠪᠦᠷᠢ ᠣᠷᠣᠰ  ᠂ ᠬᠢᠲᠠᠳ ᠤᠨ ᠭᠠᠵᠠᠷ ᠨᠤᠳᠤᠬ᠂ ᠳᠠᠯᠠᠢ ᠶᠢᠨ ᠪᠣᠭᠤᠮᠲᠠ ᠨᠤᠭᠤᠳ ᠢᠶᠠᠷ ᠳᠡᠮᠵᠢᠨ ᠥᠩᠭᠡᠷᠡᠳᠡᠭ ᠲᠤᠯᠠ ᠮᠣᠩᠭᠤᠯ ᠤᠯᠤᠰ ᠣᠯᠠᠨ ᠤᠯᠤᠰ ᠤᠨ ᠲᠡᠭᠡᠭᠡᠪᠦᠷᠢᠯᠡᠯᠲᠡ ᠶᠢᠨ ᠨᠥᠬᠦᠴᠡᠯ ᠢ ᠰᠠᠶᠢᠵᠢᠷᠠᠭᠤᠯᠬᠤ᠂ ᠳᠡᠮᠵᠢᠨ ᠦᠡᠭᠭᠡᠷᠡᠬᠦ ᠲᠡᠭᠡᠭᠡᠪᠦᠷᠢ ᠶᠢ ᠬᠥᠭᠵᠢᠭᠦᠯᠬᠦ ᠴᠢᠭᠯᠡᠯ ᠢᠶᠠᠷ ᠬᠤᠶᠠᠷ ᠬᠦᠷᠰᠢ ᠣᠷᠣᠨ ᠲᠠᠢ ᠪᠠᠨ ᠨᠢᠬᠳᠠ ᠬᠠᠮᠲᠤᠷᠠᠨ ᠠᠵᠢᠯᠯᠠᠵᠤ ᠢᠷᠡᠭᠰᠡᠨ ᠪᠢᠯᠡ᠃

ᠰᠡᠳᠬᠢᠭᠳᠡᠯ ᠦᠯᠡᠳᠡᠭᠡᠬᠦ