︽ᠫᠠᠷᠢᠰ – 2024︾ᠵᠤᠨ ᠤ ᠤᠯᠢᠮᠫᠢᠺ ᠤᠨ ᠨᠠᠭᠠᠳᠤᠮ ᠳᠤ ᠤᠷᠦᠯᠴᠡᠬᠤ ᠮᠣᠩᠭᠣᠯ ᠤᠨ ᠲᠠᠮᠢᠷᠴᠢᠳ ᠬᠤᠯᠪᠣᠭᠠᠨ ᠤ ᠪᠦᠭᠦᠳᠡ ᠨᠠᠶᠢᠷᠠᠮᠳᠠᠬᠤ ᠭᠧᠷᠮᠠᠨ ᠤᠯᠤᠰ ᠤᠨ ᠽᠠᠷᠪᠧᠷᠢᠦ᠋ᠺᠧᠨ ᠳ᠋ᠡᠬᠢ ᠤᠯᠢᠮᠫᠢᠺ ᠤᠨ ᠪᠡᠯᠡᠳᠬᠡᠯ ᠤᠨ ᠲᠦᠪ ᠲᠦ ᠪᠡᠯᠡᠦᠡᠭᠡᠯ ᠬᠢᠬᠦ ᠪᠣᠯᠣᠮᠵᠢ ᠪᠦᠷᠢᠯᠳᠦᠯ᠎ᠡ ᠃ ᠤᠯᠤᠰ ᠤᠨ ᠶᠡᠭᠡ ᠬᠤᠷᠠᠯ ᠳᠠᠬᠢ ᠮᠣᠩᠭᠤᠯ ᠭᠧᠷᠮᠠᠨ ᠤ ᠪᠦᠯᠦᠭ ᠤᠨ ᠳᠡᠳ᠋ ᠳᠠᠷᠤᠭ᠎ᠠ᠂ ᠤᠯᠤᠰ ᠤᠨ ᠶᠡᠭᠡ ᠬᠤᠷᠠᠯ ᠳᠠᠬᠢ ᠪᠡᠶ᠎ᠡ ᠶᠢᠨ ᠲᠠᠮᠢᠷ ᠰᠫᠣᠷᠲ ᠢ ᠳᠡᠮᠵᠢᠬᠦ ᠪᠦᠯᠦᠭ ᠤᠨ ᠳᠠᠷᠤᠭ᠎ᠠ ᠴ᠊·ᠮᠥᠩᠬᠡᠴᠡᠴᠡᠭ ᠬᠤᠯᠪᠣᠭᠠᠨ ᠤ ᠪᠦᠭᠦᠳᠡ ᠨᠠᠶᠢᠷᠠᠮᠳᠠᠬᠤ ᠭᠧᠷᠮᠠᠨ ᠤᠯᠤᠰ ᠤᠨ ᠳᠤᠭᠤᠢ ᠶᠢᠨ ᠬᠤᠯᠪᠤᠭᠠᠨ ᠤ ᠶᠡᠷᠦᠩᠬᠡᠶᠢᠯᠡᠭᠴᠢ᠂ ᠭᠧᠷᠮᠠᠨ ᠤ ᠪᠠᠲᠤᠯᠠᠨ ᠬᠠᠮᠡᠭᠠᠯᠡᠬᠤ ᠶᠠᠮᠤᠨ ᠤ ᠰᠠᠶᠢᠳ ᠠᠰᠠᠨ ᠷᠤᠳᠤᠯᠢᠹ ᠱᠠᠷᠫᠢᠨ ᠲᠠᠢ ᠥᠨᠥᠳᠥᠷ ᠹᠷᠠᠩᠹᠤᠷᠲ ᠬᠤᠲᠠᠨ᠎ᠠ ᠠᠭᠤᠯᠵᠠᠵᠠᠢ᠃
ᠠᠭᠤᠯᠵᠠᠯᠲᠠ ᠪᠠᠷ ᠮᠣᠩᠭᠤᠯ ᠭᠧᠷᠮᠠᠨ ᠤ ᠬᠤᠭᠤᠷᠤᠨᠳᠤ ᠶᠢᠨ ᠰᠫᠣᠷᠲ ᠤᠨ ᠬᠠᠷᠢᠯᠴᠠᠭ᠎ᠠ ᠶᠢ ᠥᠷᠭᠡᠵᠢᠭᠦᠯᠬᠦ᠂ ᠮᠣᠩᠭᠣᠯ ᠤᠨ ᠵᠠᠯᠠᠭᠤ ᠲᠠᠮᠢᠷᠴᠢᠳ ᠢ ᠭᠧᠷᠮᠠᠨ ᠳᠤ ᠰᠤᠷᠭᠠᠬᠤ᠂ ᠤᠯᠤᠰ ᠤᠨ ᠰᠢᠭᠰᠢᠭᠡ ᠪᠠᠭ ᠤᠨ ᠬᠠᠮᠲᠤᠷᠠᠭᠰᠠᠨ ᠪᠡᠯᠡᠦᠡᠭᠡᠯ ᠬᠢᠯᠭᠡᠬᠦ᠂ ᠮᠣᠩᠭᠣᠯ ᠤᠨ ᠳᠠᠰᠬᠠᠯᠵᠢᠭᠤᠯᠤᠭᠴᠢ ᠨᠠᠷ ᠢ ᠤᠷᠲᠤ᠂ ᠪᠣᠭᠤᠨᠢ ᠬᠤᠭᠤᠴᠠᠭᠠᠨ ᠤ ᠰᠤᠷᠭᠠᠯᠲᠠ ᠳᠤ ᠬᠠᠮᠤᠷᠤᠭᠤᠯᠬᠤ᠂ ᠭᠧᠷᠮᠠᠨ ᠤ ᠳᠤᠭᠤᠢ ᠶᠢᠨ ᠺᠯᠦ᠋ᠪ ᠤᠳ ᠲᠠᠢ ᠬᠠᠮᠲᠤ ᠶᠢᠨ ᠠᠵᠢᠯᠯᠠᠭ᠎ᠠ ᠲᠤᠬᠳᠡᠭᠠᠬᠤ᠂ ᠬᠠᠨᠠᠨ ᠳᠤᠭᠤᠶ ᠪᠤᠶᠤ Track ᠶᠢᠨ ᠳᠤᠭᠤᠢᠴᠢᠳ ᠢ ᠪᠡᠯᠡᠳᠬᠡᠬᠦ᠂ ᠡᠮᠡᠭᠳᠡᠢ ᠳᠤᠭᠤᠢᠴᠢᠳ ᠢ ᠳᠡᠮᠵᠢᠬᠦ ᠲᠤᠬᠠᠢ ᠳᠤ ᠬᠠᠮᠲᠤᠷᠠᠨ ᠠᠵᠢᠯᠯᠠᠬᠤ ᠪᠠᠷ ᠪᠣᠯᠪᠠ᠃
ᠪᠦᠭᠦᠳᠡ ᠨᠠᠶᠢᠷᠠᠮᠳᠠᠬᠤ ᠭᠧᠷᠮᠠᠨ ᠤᠯᠤᠰ ᠤᠨ ᠳᠤᠭᠤᠢ ᠶᠢᠨ ᠬᠤᠯᠪᠤᠭᠠᠨ ᠤ ᠶᠡᠷᠦᠩᠬᠡᠶᠢᠯᠡᠭᠴᠢ ᠷᠤᠳᠤᠯᠢᠹ ᠱᠠᠷᠫᠢᠨ︽ᠫᠠᠷᠢᠰ – 2024︾ᠤᠯᠢᠮᠫᠢᠺ ᠤᠨ ᠨᠠᠭᠠᠳᠤᠮ ᠳᠤ ᠤᠷᠦᠯᠴᠡᠬᠤ ᠮᠣᠩᠭᠣᠯ ᠤᠨ ᠰᠫᠣᠷᠲ ᠤᠨ ᠪᠦᠬᠦ ᠲᠥᠷᠥᠯ ᠤᠨ ᠲᠠᠮᠢᠷᠴᠢᠳ ᠢ ᠬᠤᠯᠪᠣᠭᠠᠨ ᠤ ᠪᠦᠭᠦᠳᠡ ᠨᠠᠶᠢᠷᠠᠮᠳᠠᠬᠤ ᠭᠧᠷᠮᠠᠨ ᠤᠯᠤᠰ ᠤᠨ ᠽᠠᠷᠪᠧᠷᠢᠦ᠋ᠺᠧᠨ ᠳ᠋ᠡᠬᠢ Olympischen Dorf ᠳᠤ ᠪᠠᠶᠢᠷᠢᠯᠠᠭᠤᠯᠤᠨ ᠪᠡᠯᠡᠦᠡᠭᠡᠯ ᠬᠢᠯᠭᠡᠭᠦᠯᠬᠦ ᠠᠰᠠᠭᠤᠳᠠᠯ ᠢ ᠳᠡᠮᠵᠢᠶ᠎ᠡ ᠭᠡᠳᠡᠭ ᠢᠶᠠᠨ ᠢᠯᠡᠷᠬᠡᠢᠯᠡᠪᠡ᠃