ᠲᠡᠦᠬᠡ᠂ ᠰᠤᠶᠤᠯ ᠤᠨ ᠳᠤᠷᠠᠰᠬᠠᠯ ᠤᠳ ᠢ ᠰᠢᠨ᠎ᠡ ᠪᠡᠷ ᠢᠯᠡᠷᠡᠭᠦᠯᠵᠦ ᠪᠠᠶᠢᠨ᠎ᠠ | News.MN

ᠲᠡᠦᠬᠡ᠂ ᠰᠤᠶᠤᠯ ᠤᠨ ᠳᠤᠷᠠᠰᠬᠠᠯ ᠤᠳ ᠢ ᠰᠢᠨ᠎ᠡ ᠪᠡᠷ ᠢᠯᠡᠷᠡᠭᠦᠯᠵᠦ ᠪᠠᠶᠢᠨ᠎ᠠ

ᠰᠦᠬᠡᠪᠠᠭᠠᠲᠤᠷ ᠠᠢᠮᠠᠭ ᠤᠨ ᠲᠡᠦᠬᠡ᠂ ᠰᠤᠶᠤᠯ ᠤᠨ ᠦᠯᠦ ᠬᠥᠳᠡᠯᠬᠦ ᠳᠤᠷᠠᠰᠬᠠᠯ ᠤᠨ ᠤᠯᠤᠰ ᠤᠨ ᠲᠣᠭᠠᠯᠠᠯᠭ᠎ᠠ 60 ᠣᠷᠴᠢᠮ ᠬᠤᠪᠢ ᠲᠠᠢ ᠦᠷᠭᠦᠯᠵᠢᠯᠡᠵᠦ ᠪᠠᠶᠢᠨ᠎ᠠ᠃ ᠡᠨᠡ ᠬᠤᠭᠤᠴᠠᠭᠠᠨ ᠳᠤ ᠰᠢᠨ᠎ᠡ ᠪᠡᠷ ᠣᠯᠠᠨ ᠳᠤᠷᠠᠰᠬᠠᠯ ᠢᠯᠡᠷᠡᠭᠦᠯᠦᠭᠰᠡᠨ ᠪᠥᠭᠡᠳ ᠭᠤᠷᠪᠠᠨ ᠳᠤᠷᠠᠰᠬᠠᠯ ᠢ ᠤᠯᠤᠰ ᠤᠨ ᠮᠡᠳᠡᠭᠡᠯᠡᠯ ᠦᠨ ᠰᠠᠩ ᠳᠤ ᠠᠯᠪᠠᠨ ᠶᠣᠰᠣᠭᠠᠷ ᠨᠡᠮᠡᠵᠦ ᠪᠦᠷᠢᠳᠬᠡᠭᠰᠡᠨ ᠪᠠᠶᠢᠨ᠎ᠠ᠃
ᠲᠣᠳᠣᠷᠠᠭᠤᠯᠪᠠᠯ᠂ ᠪᠠᠶᠠᠨᠳᠡᠯᠭᠡᠷ ᠰᠤᠮᠤ ᠶᠢᠨ ᠨᠤᠲᠤᠭ ᠠᠴᠠ ᠬᠠᠳᠠᠨ ᠤ ᠵᠢᠷᠤᠭ᠂ ᠮᠥᠩᠬᠡᠬᠠᠨ ᠰᠤᠮᠤ ᠠᠴᠠ ᠳᠠᠶᠠᠩᠴᠢ ᠶᠢᠨ ᠠᠭᠤᠢ ᠠᠴᠠ ᠤᠯᠠᠭᠠᠨ ᠵᠣᠰᠣᠨ ᠪᠢᠴᠢᠭ᠂ ᠲᠦᠮᠡᠨᠴᠣᠭᠲᠤ ᠰᠤᠮᠤ ᠠᠴᠠ ᠬᠥᠰᠢᠶ᠎ᠡ ᠴᠢᠯᠠᠭᠤ ᠵᠡᠷᠭᠡ ᠶᠢ ᠨᠤᠲᠤᠭ ᠤᠨ ᠢᠷᠭᠡᠳ ᠣᠯᠵᠤ ᠢᠯᠡᠷᠡᠭᠦᠯᠦᠭᠰᠡᠨ ᠪᠠᠶᠢᠭᠰᠠᠨ ᠢ ᠠᠯᠪᠠᠨ ᠶᠣᠰᠣᠭᠠᠷ ᠪᠦᠷᠢᠳᠬᠡᠵᠦ ᠠᠪᠴᠠᠢ᠃
ᠮᠥᠨ ᠲᠤᠰ ᠠᠶᠢᠮᠠᠭ ᠲᠤ 10 ᠳ᠋ᠤᠭᠠᠷ ᠰᠠᠷ᠎ᠠ ᠶᠢᠨ 16  ᠳᠦ ᠰᠤᠶᠤᠯ ᠤᠨ ᠥᠪ ᠦᠨ ᠲᠤᠬᠠᠢ ᠬᠠᠤᠯᠢ ᠶᠢᠨ ᠳᠠᠭᠠᠤ ᠰᠤᠶᠤᠯ ᠤᠨ ᠪᠡᠶᠡᠲᠦ ᠪᠤᠰᠤ ᠥᠪ ᠦᠨ ᠤᠯᠤᠰ ᠤᠨ ᠦᠵᠡᠯᠭᠡ ᠡᠬᠢᠯᠡᠭᠰᠡᠨ᠃ ᠠᠶᠢᠮᠠᠭ ᠤᠨ ᠬᠡᠮᠵᠢᠶᠡᠨ ᠳᠦ ᠪᠦᠷᠢᠳᠬᠡᠭᠳᠡᠭᠰᠡᠨ 250 ᠭᠠᠷᠤᠢ ᠪᠡᠶᠡᠲᠦ ᠪᠤᠰᠤ ᠥᠪ ᠦᠨ 70  ᠬᠤᠪᠢ ᠶᠢ ᠡᠨᠡ ᠬᠦ ᠦᠵᠡᠯᠭᠡ ᠳᠦ ᠬᠠᠮᠤᠷᠤᠭᠤᠯᠬᠤ  ᠶᠤᠮ᠃

ᠰᠡᠳᠬᠢᠭᠳᠡᠯ ᠦᠯᠡᠳᠡᠭᠡᠬᠦ