ᠤ᠊ ∙ ᠬᠦᠷᠡᠯᠰᠦ᠋ᠬᠡ ᠦᠨᠳᠦᠰᠦᠨ ᠦ ᠦᠢᠯᠡᠳᠪᠦᠷᠢ ᠨᠦᠭᠦᠳ ᠲᠦ ᠠᠵᠢᠯᠯᠠᠯ᠎ᠠ | News.MN

ᠤ᠊ ∙ ᠬᠦᠷᠡᠯᠰᠦ᠋ᠬᠡ ᠦᠨᠳᠦᠰᠦᠨ ᠦ ᠦᠢᠯᠡᠳᠪᠦᠷᠢ ᠨᠦᠭᠦᠳ ᠲᠦ ᠠᠵᠢᠯᠯᠠᠯ᠎ᠠ

ᠮᠣᠩᠭᠣᠯ ᠤᠯᠤᠰ ᠤᠨ ᠶᠡᠷᠦᠩᠬᠡᠶᠢᠯᠡᠭᠴᠢ ᠤ᠊∙ᠬᠦᠷᠡᠯᠰᠦ᠋ᠬᠡ《ᠬᠦᠨᠡᠰᠦᠨ ᠦ ᠬᠠᠩᠭᠠᠮᠵᠢ᠂ ᠠᠶᠤᠯᠭᠦᠢ ᠪᠠᠶᠢᠳᠠᠯ》ᠦᠨᠳᠦᠰᠦᠨ ᠦ ᠬᠥᠳᠡᠯᠭᠡᠭᠡᠨ ᠦ ᠬᠦᠷᠢᠶᠡᠨ ᠳᠦ 《ᠺᠣᠺᠠ ᠺᠣᠯᠠ》 ᠺᠤᠮᠫᠠᠨᠢ  ᠵᠡᠷᠭᠡ ᠬᠦᠨᠡᠰᠦᠨ ᠦ ᠰᠠᠯᠪᠤᠷᠢ ᠶᠢᠨ ᠦᠢᠯᠡᠳᠪᠦᠷᠢ ᠨᠦᠭᠦᠳ ᠲᠦ ᠥᠨᠥᠳᠥᠷ ᠠᠵᠢᠯᠯᠠᠯ᠎ᠠ᠃ ᠲᠡᠭᠦᠨ ᠦ ᠤᠴᠢᠭᠰᠠᠨ《ᠴᠠᠯᠤᠲ ᠢᠮᠫᠧᠺᠰ》ᠺᠤᠮᠫᠠᠨᠢ ᠶᠢᠨ ᠮᠢᠬ᠎ᠠ ᠪᠣᠯᠪᠠᠰᠤᠷᠠᠭᠤᠯᠬᠤ ᠦᠢᠯᠡᠳᠪᠦᠷᠢ ᠬᠣᠨᠣᠭ ᠲᠤ 1000 ᠪᠣᠭ᠂ 250 ᠪᠣᠳᠠ ᠲᠦᠬᠦᠭᠡᠷᠴᠦ᠂ ᠠᠩᠭᠢᠯᠠᠨ ᠪᠣᠯᠪᠠᠰᠤᠷᠠᠭᠤᠯᠬᠤ ᠬᠦᠴᠦᠨ ᠴᠢᠳᠠᠯ ᠲᠠᠢ᠃ ᠬᠣᠨᠣᠭ ᠲᠤ 60 ᠲᠣᠨ ᠮᠢᠬ᠎ᠠ ᠭᠦᠨ ᠬᠥᠯᠳᠡᠭᠡᠵᠦ᠂ 500 ᠲᠣᠨ ᠮᠢᠬ᠎ᠠ ᠬᠠᠳᠠᠭᠠᠯᠠᠬᠤ ᠠᠭᠤᠯᠬᠤ ᠲᠠᠢ᠃ ᠮᠥᠨ ᠬᠣᠨᠣᠭ ᠲᠤ 15 ᠲᠣᠨ ᠮᠢᠬ᠎ᠠ ᠳᠤᠯᠠᠭᠠᠨ ᠤ ᠠᠷᠭ᠎ᠠ ᠪᠠᠷ ᠪᠣᠯᠪᠠᠰᠤᠷᠠᠭᠤᠯᠬᠤ ᠲᠠᠰᠤᠭ ᠲᠡᠢ᠃ ᠪᠦᠲᠦᠭᠡᠭᠳᠡᠬᠦᠨ ᠢᠶᠡᠨ ᠲᠣᠮᠣᠬᠠᠨ ᠰᠦᠯᠵᠢᠶ᠎ᠡ ᠳᠡᠯᠭᠡᠭᠦᠷ ᠢᠶᠡᠷ ᠪᠣᠷᠣᠯᠠᠭᠤᠯᠵᠤ᠂ ᠠᠭᠤᠯᠠ ᠠᠭᠤᠷᠬᠠᠢ ᠶᠢᠨ ᠪᠣᠯᠤᠨ ᠪᠤᠰᠤᠳ ᠠᠵᠤ ᠠᠬᠤᠢ ᠶᠢᠨ ᠨᠢᠭᠡᠴᠡ᠂ ᠪᠠᠶᠢᠭᠤᠯᠤᠯᠭ᠎ᠠ ᠳᠤ ᠨᠡᠶᠢᠯᠡᠭᠦᠯᠳᠡᠭ᠃ ᠢᠷᠡᠨ ᠪᠣᠯᠤᠨ ᠲᠥᠪ ᠠᠽᠢᠶ᠎ᠠ ᠶᠢᠨ ᠣᠷᠣᠨ ᠨᠤᠭᠤᠳ ᠲᠤ ᠬᠠᠯᠠᠯ ᠠᠷᠭ᠎ᠠ ᠪᠠᠷ ᠪᠡᠯᠡᠳᠬᠡᠭᠰᠡᠨ ᠮᠢᠬ᠎ᠠ ᠨᠡᠶᠢᠯᠡᠭᠦᠯᠵᠦ᠂ ᠬᠢᠲᠠᠳ  ᠲᠤ ᠳᠤᠯᠠᠭᠠᠨ ᠤ ᠠᠷᠭ᠎ᠠ ᠪᠠᠷ ᠪᠣᠯᠪᠠᠰᠤᠷᠠᠭᠤᠯᠤᠭᠰᠠᠨ ᠮᠢᠬ᠎ᠠ ᠡᠺᠰᠫᠣᠷᠲᠯᠠᠬᠤ ᠪᠠᠷ ᠲᠥᠯᠥᠪᠯᠡᠵᠦ ᠪᠠᠶᠢᠨ᠎ᠠ᠃
ᠵᠠᠬ᠎ᠠ ᠵᠡᠭᠡᠯᠢ ᠳᠦ ᠪᠠᠶᠢᠭ᠎ᠠ ᠮᠢᠬᠠᠨ ᠤ 90 ᠬᠤᠪᠢ ᠶᠢ ᠭᠠᠷ ᠠᠷᠭ᠎ᠠ ᠪᠠᠷ ᠪᠡᠯᠡᠳᠬᠡᠭᠰᠡᠨ ᠮᠠᠯ ᠤᠨ ᠮᠢᠬ᠎ᠠ ᠡᠵᠡᠯᠡᠳᠡᠭ ᠪᠥᠭᠡᠳ ᠡᠨᠡ ᠡᠷᠡᠭᠦᠯ ᠠᠬᠤᠢ ᠶᠢᠨ ᠪᠣᠯᠤᠨ ᠴᠢᠨᠠᠷ ᠤᠨ ᠨᠠᠭᠠᠳᠤ ᠵᠠᠬ᠎ᠠ ᠶᠢᠨ ᠱᠠᠭᠠᠷᠳᠠᠯᠭ᠎ᠠ ᠬᠠᠩᠭᠠᠳᠠᠭ ᠦᠭᠡᠢ᠃ ᠡᠶᠢᠮᠦ ᠡᠴᠡ ᠦᠢᠯᠡᠳᠪᠦᠷᠢ ᠶᠢᠨ ᠠᠷᠭ᠎ᠠ ᠪᠠᠷ ᠪᠡᠯᠡᠳᠬᠡᠬᠦ ᠂ ᠲᠥᠰᠥᠪ ᠦᠨ ᠪᠠᠶᠢᠭᠤᠯᠤᠯᠭ᠎ᠠ ᠨᠤᠭᠤᠳ ᠪᠣᠯᠤᠨ ᠰᠤᠷᠭᠠᠭᠤᠯᠢ᠂ ᠴᠡᠴᠡᠷᠯᠢᠭ ᠦᠳ ᠬᠡᠷᠡᠭᠴᠡᠭᠡᠲᠦ ᠮᠢᠬ᠎ᠠ ᠪᠠᠨ ᠮᠢᠬ᠎ᠠ ᠪᠣᠯᠪᠠᠰᠤᠷᠠᠭᠤᠯᠬᠤ ᠦᠢᠯᠡᠳᠪᠦᠷᠢ ᠨᠦᠭᠦᠳ ᠡᠴᠡ ᠠᠪᠳᠠᠭ ᠪᠠᠶᠢᠬᠤ ᠶᠢ ᠰᠠᠨᠠᠭᠤᠯᠪᠠ᠃
ᠢᠷᠡᠬᠦ ᠲᠠᠪᠤᠨ ᠵᠢᠯ ᠳᠦ 19 ᠨᠡᠷ᠎ᠡ ᠲᠥᠷᠥᠯ ᠦᠨ ᠪᠦᠲᠦᠭᠡᠭᠳᠡᠬᠦᠨ ᠢᠶᠡᠷ ᠳᠣᠲᠣᠭᠠᠳᠤ ᠶᠢᠨ ᠬᠡᠷᠡᠭᠴᠡᠭᠡ ᠪᠠᠨ ᠬᠠᠩᠭᠠᠵᠤ᠂ ᠤᠯᠠᠮ ᠢᠶᠠᠷ ᠡᠺᠰᠫᠣᠷᠲᠯᠠᠭᠴᠢ ᠣᠷᠣᠨ ᠪᠣᠯᠬᠤ ᠵᠣᠷᠢᠯᠲᠠ ᠶᠢ ᠬᠡᠷᠡᠭᠵᠢᠭᠦᠯᠬᠦ ᠳᠦ ᠦᠨᠳᠦᠰᠦᠨ ᠦ ᠦᠢᠯᠡᠳᠪᠦᠷᠢᠯᠡᠭᠴᠢ ᠠᠵᠤ ᠠᠬᠤᠢ ᠶᠢᠨ ᠨᠢᠭᠡᠴᠡ᠂ ᠪᠠᠶᠠᠯᠢᠭ ᠪᠦᠲᠦᠭᠡᠭᠴᠢᠳ ᠴᠢᠬᠤᠯᠠ ᠬᠤᠪᠢ ᠨᠡᠮᠡᠷᠢ ᠣᠷᠣᠭᠤᠯᠤᠨ᠎ᠠ ᠭᠡᠵᠦ ᠦᠵᠡᠳᠡᠭ ᠢᠶᠡᠨ ᠮᠣᠩᠭᠣᠯ ᠤᠯᠤᠰ ᠤᠨ ᠶᠡᠷᠦᠩᠬᠡᠶᠢᠯᠡᠭᠴᠢ ᠤ᠊∙ᠬᠦᠷᠡᠯᠰᠦ᠋ᠬᠡ ᠬᠡᠯᠡᠯ᠎ᠡ᠃

ᠰᠡᠳᠬᠢᠭᠳᠡᠯ ᠦᠯᠡᠳᠡᠭᠡᠬᠦ