B 737 MAX ᠠᠭᠠᠷ ᠤᠨ ᠬᠦᠯᠭᠡ ᠭᠤᠷᠪᠠᠨ ᠵᠢᠯ ᠭᠠᠷᠤᠢ ᠶᠢᠨ ᠬᠤᠭᠤᠴᠠᠭᠠᠨ ᠳᠤ ᠨᠢᠰᠦᠯᠭᠡ ᠠᠴᠠ ᠴᠢᠯᠦᠭᠡᠯᠡᠭᠳᠡᠭᠰᠡᠨ ᠤ ᠳᠠᠷᠠᠭ᠎ᠠ ᠬᠢᠲᠠᠳ ᠤᠨ ᠭᠤᠸᠠᠩᠵᠸᠤ ᠬᠤᠲᠠ ᠶᠢᠨ ᠴᠢᠭᠯᠡᠯ ᠳᠤ ᠠᠩᠬᠠᠨ ᠤ ᠵᠣᠷᠴᠢᠭᠴᠢ ᠲᠡᠭᠡᠭᠡᠪᠦᠷᠢ ᠶᠢᠨ ᠨᠢᠰᠦᠯᠭᠡ ᠶᠢ ᠠᠮᠵᠢᠯᠲᠠ ᠲᠠᠶ ᠦᠢᠯᠡᠳᠦᠯ᠎ᠡ᠃ ᠡᠨᠡ ᠨᠢ 2019 ᠣᠨ ᠠᠴᠠ ᠬᠤᠶᠢᠰᠢ ᠬᠢᠲᠠᠳ ᠤᠨ ᠠᠭᠠᠷ ᠤᠨ ᠣᠷᠣᠨ ᠵᠠᠢ ᠳᠤ ᠦᠢᠯᠡᠳᠦᠭᠰᠡᠨ ᠠᠩᠬᠠᠨ ᠤ ᠨᠢᠰᠦᠯᠭᠡ ᠭᠡᠳᠡᠭ ᠢᠶᠠᠷ ᠢᠶᠠᠨ ᠠᠭᠠᠷ ᠤᠨ ᠲᠡᠭᠡᠭᠡᠪᠦᠷᠢ ᠶᠢᠨ ᠰᠠᠯᠪᠤᠷᠢ ᠶᠢᠨ ᠮᠡᠷᠭᠡᠵᠢᠯᠲᠡᠨ ᠂ ᠲᠡᠳᠦᠢ ᠦᠭᠡᠢ ᠵᠣᠷᠴᠢᠭᠴᠢᠳ ᠤᠨ ᠠᠩᠬᠠᠷᠤᠯ ᠢ ᠮᠠᠰᠢ ᠶᠡᠭᠡ ᠪᠠᠷ ᠲᠠᠲᠠᠭᠰᠠᠨ ᠶᠠᠭᠤᠮ᠎ᠠ᠃
ᠮᠣᠩᠭᠤᠯ ᠤᠨ ᠢᠷᠭᠡᠨ ᠤ ᠠᠭᠠᠷ ᠤᠨ ᠲᠡᠭᠡᠭᠡᠪᠦᠷᠢ ᠻᠣᠮᠫᠠᠨᠢ ᠨᠢ B 737 MAX ᠠᠭᠠᠷ ᠤᠨ ᠬᠦᠯᠭᠡ ᠪᠡᠷ ᠬᠢᠲᠠᠳ ᠤᠨ ᠴᠢᠭᠯᠡᠯ ᠳᠤ ᠨᠢᠰᠦᠯᠭᠡ ᠦᠢᠯᠡᠳᠬᠦ ᠳᠤ ᠱᠠᠭᠠᠷᠳᠠᠯᠭ᠎ᠠ ᠲᠠᠢ ᠪᠦᠬᠦᠢᠯᠡ ᠬᠤᠯᠪᠦᠬᠳᠡᠬᠤ ᠵᠥᠪᠰᠢᠶᠡᠷᠡᠯ ᠢ 2022 ᠣᠨ ᠤ ᠨᠠᠢᠮᠠᠳᠤᠭᠠᠷ ᠰᠠᠷ᠎ᠠ ᠳᠤ ᠬᠢᠲᠠᠳ ᠤᠨ ᠢᠷᠭᠡᠨ ᠤ ᠨᠢᠰᠬᠦ ᠶᠢᠨ ᠶᠡᠷᠦᠩᠬᠡᠶ ᠭᠠᠵᠠᠷ ᠠᠴᠠ ᠠᠪᠤᠭᠰᠠᠨ ᠤ ᠦᠨᠳᠦᠰᠦᠨ ᠳᠡᠭᠡᠷ᠎ᠡ ᠡᠶᠢᠨ ᠬᠦ ᠨᠢᠰᠦᠯᠭᠡ ᠦᠢᠯᠡᠳᠴᠦ ᠡᠬᠢᠯᠡᠯ᠎ᠡ᠃