ᠬ᠋᠊ ·ᠠᠨᠤᠵᠢᠨ ᠬᠦᠨᠳᠦ ᠶᠢᠨ ᠡᠷᠭᠦᠯᠲᠡ ᠶᠢᠨ ᠠᠽᠢᠶ᠎ᠠ ᠶᠢᠨ ᠲᠡᠮᠡᠴᠡᠭᠡᠨ  ᠠᠴᠠ ᠬᠤᠣᠰ ᠬᠦᠷᠡᠯ ᠮᠧᠳᠠᠯ ᠬᠦᠷᠲᠡᠯ᠎ᠡ | News.MN

  ᠬ᠋᠊ ·ᠠᠨᠤᠵᠢᠨ ᠬᠦᠨᠳᠦ ᠶᠢᠨ ᠡᠷᠭᠦᠯᠲᠡ ᠶᠢᠨ ᠠᠽᠢᠶ᠎ᠠ ᠶᠢᠨ ᠲᠡᠮᠡᠴᠡᠭᠡᠨ  ᠠᠴᠠ ᠬᠤᠣᠰ ᠬᠦᠷᠡᠯ ᠮᠧᠳᠠᠯ ᠬᠦᠷᠲᠡᠯ᠎ᠡ

ᠬᠦᠨᠳᠦ ᠶᠢᠨ ᠡᠷᠭᠦᠯᠲᠡ ᠶᠢᠨ ᠠᠽᠢᠶ᠎ᠠ ᠲᠢᠪ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠪᠠᠾᠷᠧᠶᠢᠨ ᠤᠯᠤᠰ ᠲᠦ ᠦᠷᠭᠦᠯᠵᠢᠯᠡᠵᠦ ᠪᠠᠶᠢᠨ᠎ᠡ᠃ ᠮᠣᠩᠭᠤᠯ ᠤᠯᠤᠰ ᠠᠴᠠ ᠳᠥᠷᠪᠡᠨ ᠲᠠᠮᠢᠷᠴᠢᠨ ᠥᠷᠢᠰᠦᠯᠳᠦᠵᠦ ᠪᠠᠶᠢᠭ᠎ᠠ ᠪᠥᠭᠡᠳ ᠥᠴᠥᠭᠡᠳᠦᠷ 71 ᠺᠢᠯᠣᠭ᠍ᠷᠠᠮ  ᠤᠨ ᠵᠢᠩ ᠳᠤ ᠬ᠋᠊ · ᠠᠨᠤᠵᠢᠨ  ᠣᠭᠵᠣᠮ ᠡᠷᠭᠦᠯᠲᠡ ᠢᠶᠠᠷ 99 ᠺᠢᠯᠣᠭ᠍ᠷᠠᠮ  ᠢ ᠡᠷᠭᠦᠵᠦ᠂ ᠬᠦᠷᠡᠯ ᠮᠧᠳᠠᠯ᠂ ᠲᠦᠯᠬᠢᠯᠲᠡ ᠲᠠᠢ ᠡᠷᠭᠦᠯᠲᠡ ᠢᠶᠠᠷ 116 ᠺᠢᠯᠣᠭ᠍ᠷᠠᠮ  ᠢ ᠡᠷᠭᠦᠵᠦ᠂ ᠨᠡᠶᠢᠯᠡᠪᠦᠷᠢ ᠳ᠋ᠦᠩ ᠢᠶᠠᠷ ᠮᠦᠠ ᠬᠦᠷᠡᠯ ᠮᠧᠳᠠᠯ ᠬᠦᠷᠲᠡᠯ᠎ᠡ᠃
ᠲᠤᠰ ᠲᠡᠮᠡᠴᠡᠭᠡᠨ ᠠᠴᠠ ᠡ᠊ ·ᠡᠩᠬᠡᠲᠠᠮᠢᠷ ᠣᠭᠵᠣᠮ ᠡᠷᠭᠦᠯᠲᠡ ᠶᠢᠨ ᠲᠥᠷᠥᠯ ᠳᠤ ᠮᠥᠩᠭᠦᠨ ᠮᠧᠳᠠᠯ ᠬᠦᠷᠲᠡᠭᠰᠡᠨ ᠲᠤᠬᠠᠢ ᠪᠢᠳᠡ ᠡᠮᠦᠨ᠎ᠡ ᠨᠢ ᠮᠡᠳᠡᠭᠡᠯᠡᠭᠰᠡᠨ ᠪᠢᠯᠡ᠃ 76 ᠺᠢᠯᠣᠭ᠍ᠷᠠᠮ ᠳᠤ ᠳ᠋᠊ ·ᠳᠠᠷᠬᠢᠵᠠᠪ᠂ – 87 ᠺᠢᠯᠣᠭ᠍ᠷᠠᠮ ᠳᠤ ᠮ᠊ ∙ ᠠᠩᠬᠠᠴᠡᠴᠡᠭ ᠦᠷᠢᠰᠦᠯᠳᠦᠨ᠎ᠡ᠃

ᠰᠡᠳᠬᠢᠭᠳᠡᠯ ᠦᠯᠡᠳᠡᠭᠡᠬᠦ