ᠵ᠊ ·ᠢᠷᠡᠭᠡᠳᠦᠶ︽ᠰᠲᠷᠤᠩᠮᠧᠨ︾ᠲᠡᠮᠡᠴᠡᠭᠡᠨ ᠤ ᠬᠤᠱᠣᠢ ᠠᠪᠤᠷᠭᠤ ᠪᠣᠯᠣᠯ᠎ᠠ | News.MN

 ᠵ᠊ ·ᠢᠷᠡᠭᠡᠳᠦᠶ︽ᠰᠲᠷᠤᠩᠮᠧᠨ︾ᠲᠡᠮᠡᠴᠡᠭᠡᠨ ᠤ ᠬᠤᠱᠣᠢ ᠠᠪᠤᠷᠭᠤ ᠪᠣᠯᠣᠯ᠎ᠠ

ᠮᠣᠩᠭᠣᠯ ᠤᠨ ᠫᠠᠤᠷᠢᠯᠢᠹᠲ᠋ᠢᠨ ᠤ ᠨᠢᠭᠡᠳᠦᠭᠰᠡᠨ ᠬᠤᠯᠪᠣᠭ᠎ᠠ᠂︽ᠮᠦᠩᠬᠡᠬᠠᠳᠠ︾ᠺᠣᠮᠫᠠᠨᠢ ᠲᠠᠢ ᠬᠠᠮᠲᠤᠷᠠᠨ︽ᠮᠦᠩᠬᠡᠬᠠᠳᠠ ᠰᠲᠷᠤᠩᠮᠧᠨ – 2022︾ᠲᠡᠮᠡᠴᠡᠭᠡᠨ ᠢ ᠡᠨᠡ ᠰᠠᠷ᠎ᠠ ᠶᠢᠨ 9  ᠳᠤ ᠵᠣᠬᠢᠶᠠᠨ ᠪᠠᠶᠢᠭᠤᠯᠪᠠ᠃ ᠬᠤᠶᠠᠳᠠᠬᠢ ᠤᠳᠠᠭ᠎ᠠ ᠪᠠᠨ ᠵᠣᠬᠢᠶᠠᠨ ᠪᠠᠢᠭᠤᠯᠵᠤ ᠪᠤᠢ ᠲᠤᠰ ᠲᠡᠮᠡᠴᠡᠭᠡᠨ ᠳᠤ 12 ᠬᠦᠴᠦᠲᠡᠨ ᠭᠤᠷᠪᠠᠨ ᠲᠥᠷᠥᠯ ᠳᠤ ᠡᠷ᠎ᠡ ᠪᠢᠷ᠎ᠠ ᠰᠣᠷᠢᠨ ᠦᠷᠢᠰᠦᠯᠳᠦᠪᠡ᠃
ᠨᠡᠶᠢᠯᠡᠪᠦᠷᠢ ᠳ᠋ᠦᠩ ᠢᠶᠠᠷ ᠪᠠᠭ᠎ᠠ ᠨᠠᠭᠤᠷ ᠲᠡᠭᠦᠷᠭᠡ ᠶᠢᠨ ᠲᠠᠮᠢᠷᠴᠢᠨ ᠵ᠊ · ᠢᠷᠡᠭᠡᠳᠦᠶ ᠲᠡᠷᠢᠭᠦᠯᠡᠭᠰᠡᠨ ᠪᠥᠭᠡᠳ ᠦᠡᠭᠭᠡᠷᠡᠭᠰᠡᠠ ᠵᠢᠯ ᠮᠦᠠ ᠲᠤᠰ ᠲᠡᠮᠡᠴᠡᠭᠡᠨ ᠤ ᠠᠪᠤᠷᠭᠤ ᠪᠣᠯᠵᠤ ᠪᠠᠶᠢᠵᠠᠢ᠃ ᠬᠠᠷᠢᠨ ᠴ᠊ · ᠪᠠᠲᠤᠵᠣᠷᠢᠭ᠂ ᠫ᠊ · ᠤᠤᠭᠠᠨᠪᠠᠭᠠᠲᠤᠷ ᠤᠳᠠᠭᠠᠯᠠᠪᠠ᠃ ᠡᠬᠢᠨ ᠤ ᠰᠣᠷᠢᠯ ᠪᠣᠯᠬᠤ 1.4 ᠲᠣᠨ ᠵᠢᠩ ᠲᠠᠢ ︽RAV – 4︾ ᠠᠦ᠋ᠲ᠋ᠣ᠋ ᠮᠠᠰᠢᠨ ᠡᠷᠭᠦᠵᠦ ᠥᠷᠢᠰᠦᠯᠳᠦᠬᠦ ᠳᠤ ᠫ᠊ · ᠤᠤᠭᠠᠨᠪᠠᠭᠠᠲᠤᠷ 25 ᠤᠳᠠᠭ᠎ᠠ ᠡᠷᠭᠦᠵᠦ ᠡᠨᠡ ᠰᠣᠷᠢᠯ  ᠳᠤ ᠲᠦᠷᠦᠭᠦᠯᠡᠭᠰᠡᠨ ᠨᠢ ᠣᠨᠴᠤᠭᠤᠢ ᠠᠮᠵᠢᠯᠲᠠ ᠪᠠᠶᠢᠪᠠ᠃

ᠰᠡᠳᠬᠢᠭᠳᠡᠯ ᠦᠯᠡᠳᠡᠭᠡᠬᠦ