ᠬ᠋᠊ ·ᠤᠴᠢᠪᠠᠭᠠᠲᠤᠷ︽ᠳᠡᠯᠡᠬᠡᠢ ᠶᠢᠨ ᠤᠷ᠎ᠠ ᠴᠢᠳᠠᠪᠤᠷᠢ - 2022︾ᠲᠡᠮᠡᠴᠡᠭᠡᠨ ᠳᠤ ᠣᠷᠣᠯᠴᠠᠵᠤ ᠪᠠᠶᠢᠨ᠎ᠡ | News.MN

 ᠬ᠋᠊ ·ᠤᠴᠢᠪᠠᠭᠠᠲᠤᠷ︽ᠳᠡᠯᠡᠬᠡᠢ ᠶᠢᠨ ᠤᠷ᠎ᠠ ᠴᠢᠳᠠᠪᠤᠷᠢ – 2022︾ᠲᠡᠮᠡᠴᠡᠭᠡᠨ ᠳᠤ ᠣᠷᠣᠯᠴᠠᠵᠤ ᠪᠠᠶᠢᠨ᠎ᠡ

︽ᠳᠡᠯᠡᠬᠡᠢ ᠶᠢᠨ ᠤᠷ᠎ᠠ ᠴᠢᠳᠠᠪᠤᠷᠢ – 2022︾ᠲᠡᠮᠡᠴᠡᠭᠡᠨ ᠳᠤ ᠳᠣᠷᠣᠨᠠᠲᠤ ᠠᠶᠢᠮᠠᠭ ᠲᠡᠬᠢ ᠫᠣᠯᠢᠲ᠋ᠧᠭᠨᠢᠺ ᠤᠨ ᠺᠣᠯᠯᠧᠵᠢ ᠣᠶᠤᠲᠠᠨ ᠬ᠋᠊ ·ᠤᠴᠢᠪᠠᠭᠠᠲᠤᠷ ᠣᠷᠣᠯᠴᠠᠵᠤ ᠪᠠᠶᠢᠨ᠎ᠡ᠃ ᠲᠡᠭᠦᠨ ᠤ ᠣᠷᠣᠯᠴᠠᠵᠤ ᠪᠠᠶᠢᠭ᠎ᠠ ᠲᠣᠻᠠᠷᠢ ᠶᠢᠨ ᠲᠥᠷᠥᠯ  ᠬᠤᠯᠪᠣᠭᠠᠨ ᠤ ᠪᠦᠭᠦᠳᠡ ᠨᠠᠶᠢᠷᠠᠮᠳᠠᠬᠤ ᠭᠧᠷᠮᠠᠨ ᠤᠯᠤᠰ ᠲᠤ ᠪᠣᠯᠵᠤ ᠪᠠᠶᠢᠭ᠎ᠠ ᠶᠤᠮ᠃
︽ᠳᠡᠯᠡᠬᠡᠢ ᠶᠢᠨ ᠤᠷ᠎ᠠ ᠴᠢᠳᠠᠪᠤᠷᠢ – 2022︾ᠲᠡᠮᠡᠴᠡᠭᠡᠨ  ᠡᠨᠡ ᠵᠢᠯ 15 ᠤᠯᠤᠰ ᠲᠤ 61 ᠲᠥᠷᠥᠯ ᠤᠨ ᠮᠡᠷᠭᠡᠵᠢᠯ ᠢᠶᠠᠷ ᠶᠢᠰᠦᠳᠦᠭᠡᠷ ᠰᠠᠷ᠎ᠠ ᠶᠢᠨ 7 ᠤ ᠡᠳᠦᠷ ᠡᠬᠢᠯᠡᠵᠦ᠂ ᠢᠷᠡᠬᠦ ᠰᠠᠷ᠎ᠠ ᠶᠢᠨ 26 ᠬᠦᠷᠳᠡᠯ᠎ᠠ ᠦᠷᠭᠦᠯᠵᠢᠯᠡᠨ᠎ᠡ᠃ ᠮᠠᠨ ᠤ ᠤᠯᠤᠰ ᠤᠨ ᠣᠷᠤᠯᠴᠠᠭᠴᠢᠳ ᠲᠣᠺᠠᠷᠢ᠂ ᠭᠠᠩᠨᠠᠭᠤᠷ᠂ ᠥᠷᠦᠭ ᠤᠭᠰᠠᠷᠠᠯᠲᠠ᠂ ᠰᠠᠩ ᠲᠧᠭᠨᠢᠭ᠂ ᠲᠣᠭᠤᠭᠠᠴᠢ᠂ ᠮᠤᠵᠢᠶᠠᠩ᠂ ᠴᠠᠬᠢᠯᠭᠠᠨ ᠭᠡᠰᠡᠨ ᠳᠣᠯᠤᠭᠠᠨ ᠲᠥᠷᠥᠯ ᠳᠤ ᠮᠡᠳᠡᠯᠭᠡ᠂ ᠤᠷ᠎ᠠ ᠴᠢᠳᠠᠪᠤᠷᠢ ᠪᠠᠨ ᠰᠣᠷᠢᠵᠤ᠂  ᠭᠧᠷᠮᠠᠨ᠂ ᠠᠦ᠋ᠰᠲᠷᠢᠶ᠎ᠠ᠂  ᠠᠮᠧᠷᠢᠺᠠ ᠂ ᠰᠸᠢᠰ ᠤᠯᠤᠰ ᠲᠤ ᠣᠴᠢᠨ ᠣᠷᠣᠯᠴᠠᠵᠤ ᠪᠠᠶᠢᠨ᠎ᠡ᠃

ᠰᠡᠳᠬᠢᠭᠳᠡᠯ ᠦᠯᠡᠳᠡᠭᠡᠬᠦ