︽ᠬᠠᠭᠠᠨ ᠤ ᠣᠷᠳᠣᠨ ᠤ ᠨᠡᠮᠦᠷ︾ᠮᠦᠽᠧᠢ ᠶᠢᠨ ᠨᠡᠭᠡᠭᠡᠯᠲᠡ ᠲᠠᠢ ᠡᠳᠦᠷ ᠤᠳ ᠡᠬᠢᠯᠡᠯ᠎ᠡ | News.MN

︽ᠬᠠᠭᠠᠨ ᠤ ᠣᠷᠳᠣᠨ ᠤ ᠨᠡᠮᠦᠷ︾ᠮᠦᠽᠧᠢ ᠶᠢᠨ ᠨᠡᠭᠡᠭᠡᠯᠲᠡ ᠲᠠᠢ ᠡᠳᠦᠷ ᠤᠳ ᠡᠬᠢᠯᠡᠯ᠎ᠡ

ᠪᠤᠬᠳᠠ ᠬᠠᠭᠠᠨ ᠤ ᠣᠷᠳᠣᠨ ᠮᠦᠽᠧᠢ ᠨᠢ ᠦᠵᠡᠭᠴᠢᠳ ᠲᠤ ᠪᠠᠨ ᠵᠣᠷᠢᠭᠤᠯᠤᠨ ᠵᠢᠯ ᠪᠦᠷᠢ ᠣᠯᠠᠨ ᠲᠥᠷᠥᠯ ᠤᠨ ᠦᠶᠯᠡ ᠠᠵᠢᠯᠯᠠᠭ᠎ᠠ ᠶᠢ ᠶᠠᠪᠤᠭᠤᠯᠳᠠᠭ ᠤᠯᠠᠮᠵᠢᠯᠠᠯ ᠲᠠᠢ᠃ ᠡᠨᠡ ᠵᠢᠯ︽ᠬᠠᠭᠠᠨ ᠤ ᠣᠷᠳᠣᠨ ᠤ ᠨᠡᠮᠦᠷ︾ᠨᠡᠷ᠎ᠡ ᠲᠠᠢ ᠠᠷᠭ᠎ᠠ ᠬᠡᠮᠵᠢᠶ᠎ᠡ ᠶᠢ ᠡᠨᠡ ᠰᠠᠷ᠎ᠠ ᠶᠢᠨ 16 ᠤ ᠡᠳᠦᠷ ᠢ ᠬᠦᠷᠳᠡᠯ᠎ᠠ ᠵᠣᠬᠢᠶᠠᠨ ᠪᠠᠢᠭᠤᠯᠬᠤ ᠶᠤᠮ ᠪᠠᠶᠢᠨ᠎ᠡ᠃

ᠨᠡᠭᠡᠭᠡᠯᠲᠡ ᠲᠠᠢ ᠡᠳᠦᠷ ᠤᠳ ᠤᠨ ᠬᠦᠷᠢᠶᠡᠨ ᠳᠤ︽ᠬᠠᠭᠠᠨ ᠤ ᠣᠷᠳᠣᠨ ᠤ ᠵᠣᠭᠤᠭ︾ᠠᠰᠠᠷ ᠲᠤ ᠵᠣᠭᠤᠭ ᠪᠡᠷᠢᠬᠤ ᠤᠯᠠᠮᠵᠢᠯᠠᠯ ᠤᠨ ᠲᠤᠬᠠᠶ ᠲᠠᠨᠢᠯᠴᠠᠭᠤᠯᠭ᠎ᠠ ᠬᠢᠵᠦ᠂ ᠵᠣᠭᠤᠭ ᠪᠡᠷᠢᠬᠤ ᠶᠤᠮ᠃ 13-16 ᠤ ᠡᠳᠦᠷ ᠤᠳ ᠲᠤ ᠮᠦᠽᠧᠶ ᠦᠵᠡᠬᠦ ᠭᠡᠷ ᠪᠦᠯᠢ ᠳᠤ ᠨᠢᠭᠡ ᠲᠠᠰᠤᠯᠪᠤᠷᠢ ᠪᠤᠶᠤ ᠦᠨ᠎ᠡ ᠶᠢᠨ ᠳ᠋ᠦᠩ ᠢ 50-75 ᠬᠤᠪᠢ ᠪᠠᠷ ᠬᠥᠩᠭᠡᠯᠡᠨ᠎ᠡ᠃ ᠮᠦᠠ ᠨᠠᠰᠤᠨ ᠳᠤ ᠬᠦᠷᠦᠭᠰᠡᠨ ᠬᠤᠶᠠᠷ ᠦᠵᠡᠭᠴᠢ ᠲᠤᠲᠤᠮ ᠤᠨ ᠨᠢᠭᠡ ᠳᠤ 50 ᠬᠤᠪᠢ ᠶᠢᠨ ᠬᠥᠩᠭᠡᠯᠡᠯᠲᠡ ᠲᠠᠢ ᠦᠨ᠎ᠡ ᠪᠠᠷ᠂ ᠬᠠᠷᠢᠨ ᠦᠡᠳᠦᠷ ᠨᠠᠰᠤᠲᠠᠨ᠂ ᠬᠥᠭᠵᠢᠯ ᠤᠨ ᠪᠡᠷᠬᠡᠰᠢᠶᠡᠯᠲᠡᠢ ᠢᠷᠭᠡᠳ ᠦᠨ᠎ᠡ ᠲᠥᠯᠦᠪᠦᠷᠢ ᠦᠭᠡᠢ ᠦᠶᠯᠡᠴᠢᠯᠡᠬᠦ ᠶᠤᠮ᠃

ᠰᠡᠳᠬᠢᠭᠳᠡᠯ ᠦᠯᠡᠳᠡᠭᠡᠬᠦ