ᠤᠯᠤᠰ ᠤᠨ ᠶᠡᠭᠡ ᠬᠤᠷᠠᠯ ᠤᠨ ᠦᠢᠯᠡᠳᠪᠦᠷᠢᠵᠢᠯᠲᠡ ᠶᠢᠨ ᠪᠣᠳᠣᠯᠭ᠎ᠠ ᠶᠢᠨ ᠪᠠᠶᠢᠩᠭᠤ ᠶᠢᠨ ᠬᠤᠷᠢᠶᠠᠨ ᠤ ᠭᠡᠰᠢᠭᠦᠳ︽ᠬᠦᠨᠡᠰᠦᠨ ᠤ ᠬᠠᠩᠭᠠᠮᠵᠢ᠂ ᠠᠶᠤᠯᠭᠦᠢ ᠪᠠᠶᠢᠳᠠᠯ ᠢ ᠬᠠᠩᠭᠠᠬᠤ ᠲᠠᠯ᠎ᠠ ᠪᠠᠷ ᠠᠪᠬᠤ ᠵᠠᠷᠢᠮ ᠠᠷᠭ᠎ᠠ ᠬᠡᠮᠵᠢᠶᠡᠨ ᠤ ᠲᠤᠬᠠᠶ︾ᠮᠣᠩᠭᠤᠯ ᠤᠯᠤᠰ ᠤᠨ ᠶᠡᠭᠡ ᠬᠤᠷᠠᠯ ᠤᠨ ᠲᠣᠭᠲᠠᠭᠠᠯ ᠤᠨ ᠬᠡᠷᠡᠭᠵᠢᠯᠲᠡ ᠲᠠᠢ ᠲᠠᠨᠢᠯᠴᠠᠬᠤ ᠠᠵᠢᠯ ᠤᠨ ᠬᠦᠷᠢᠶᠡᠨ ᠳᠤ ᠡᠬᠢᠯᠡᠭᠡᠳ ᠲᠥᠪ ᠠᠶᠢᠮᠠᠭ ᠤᠨ ᠪᠠᠶᠠᠨᠴᠢᠨᠳᠠᠮᠤᠨᠢ ᠰᠤᠮᠤᠨ ᠳᠤ ᠦᠶᠯᠡ ᠠᠵᠢᠯᠯᠠᠭ᠎ᠠ ᠶᠠᠪᠤᠭᠤᠯᠳᠠᠭ︽нвц︾ᠭᠷᠦ᠋ᠫ ᠤᠨ︽ᠪᠠᠶᠠᠨ︾ᠥᠨᠳᠡᠭᠡᠨ ᠤ ᠦᠢᠯᠡᠳᠪᠦᠷᠢ ᠳᠤ ᠣᠴᠢᠵᠤ᠂ ᠦᠶᠯᠡ ᠠᠵᠢᠯᠯᠠᠭ᠎ᠠ ᠲᠠᠢ ᠨᠢ ᠲᠠᠨᠢᠯᠴᠠᠪᠠ᠃
ᠮᠣᠩᠭᠤᠯ ᠤᠯᠤᠰ ᠵᠢᠯ ᠳᠤ ᠪᠠᠨ ᠳᠤᠮᠳᠠᠴᠢ ᠪᠠᠷ 400 ᠰᠠᠶ᠎ᠠ ᠰᠢᠷᠭᠡᠭ ᠥᠨᠳᠡᠭᠡ ᠬᠦᠨᠡᠰᠦᠨ ᠳᠡᠭᠡᠨ ᠬᠡᠷᠡᠭᠯᠡᠳᠡᠭ ᠪᠥᠭᠡᠳ ᠳᠣᠲᠣᠭᠠᠳᠤ ᠶᠢᠨ ᠦᠢᠯᠡᠳᠪᠦᠷᠢ ᠨᠦᠭᠦᠳ 60 ᠬᠤᠪᠢ ᠶᠢ ᠨᠢ ᠬᠠᠩᠭᠠᠳᠠᠭ ᠃ ᠡᠭᠦᠨ ᠢ 53 ᠬᠤᠪᠢ ᠶᠢ︽нвц︾ᠭᠷᠦ᠋ᠫ ᠤᠨ︽ᠪᠠᠶᠠᠨ︾ᠥᠨᠳᠡᠭᠡᠨ ᠤ ᠦᠢᠯᠡᠳᠪᠦᠷᠢ ᠨᠡᠶᠢᠯᠡᠭᠦᠯᠵᠦ᠂ 2500 ᠬᠠᠷᠢᠯᠴᠠᠭᠴᠢ ᠳᠤ ᠪᠠᠨ ᠰᠢᠭᠤᠦᠠ ᠪᠦᠲᠦᠭᠡᠭᠳᠡᠬᠦᠨ ᠢᠶᠠᠨ ᠬᠦᠷᠭᠡᠨ᠂ 400 ᠬᠥᠮᠥᠨ ᠢ ᠲᠤᠭᠳᠠᠮᠠᠯ ᠠᠵᠢᠯ ᠤᠨ ᠪᠠᠶᠢᠷᠢ ᠪᠠᠷ ᠬᠠᠩᠭᠠᠨ ᠠᠵᠢᠯᠯᠠᠳᠠᠭ ᠪᠠᠶᠢᠨ᠎ᠡ᠃
︽ᠪᠠᠶᠠᠨ︾ᠥᠨᠳᠡᠭᠡᠨ ᠤ ᠦᠢᠯᠡᠳᠪᠦᠷᠢ ᠢᠷᠡᠬᠦ ᠣᠨ ᠳᠤ ᠦᠢᠯᠡᠳᠪᠦᠷᠢ ᠶᠢᠨ ᠢᠶᠠᠨ ᠬᠦᠴᠦᠨ ᠴᠢᠳᠠᠯ ᠢ ᠨᠡᠮᠡᠭᠳᠡᠭᠦᠯᠵᠦ᠂ 1 ᠰᠠᠶ᠎ᠠ ᠥᠨᠳᠡᠭᠡᠯᠡᠭᠴᠢ ᠰᠢᠪᠠᠭᠤ ᠲᠠᠢ ᠪᠣᠯᠵᠤ᠂ ᠵᠢᠯ ᠳᠤ ᠤᠯᠤᠰ ᠤᠨ ᠲᠥᠰᠦᠪ ᠲᠤ 20 ᠣᠷᠴᠢᠮ ᠲᠡᠷᠪᠤᠮ ᠲᠥᠭᠦᠷᠢᠭ ᠤᠨ ᠲᠠᠲᠠᠪᠤᠷᠢ ᠶᠢᠨ ᠣᠷᠣᠯᠭ᠎ᠠ ᠲᠥᠪᠯᠡᠷᠡᠭᠦᠯᠬᠦ᠂ ᠥᠨᠳᠡᠭᠡᠨ ᠤ ᠢᠮᠫᠣᠷᠲ ᠢ ᠪᠠᠭᠤᠷᠠᠭᠤᠯᠵᠤ᠂ ᠳᠣᠲᠣᠭᠠᠳᠤ ᠶᠢᠨ ᠬᠡᠷᠡᠭᠴᠡᠭᠡ ᠶᠢ ᠬᠠᠩᠭᠠᠬᠤ ᠬᠤᠪᠢ ᠶᠢ ᠦᠰᠭᠡᠬᠦ ᠪᠡᠷ ᠠᠵᠢᠯᠯᠠᠵᠤ ᠪᠠᠶᠢᠨ᠎ᠡ᠃