ᠮᠣᠩᠭᠣᠯ ᠤᠨ ᠬᠥᠯ ᠪᠥᠮᠪᠦᠭᠡ ᠶᠢᠨ ᠪᠠᠭ ᠬᠡᠰᠡᠭ ᠤᠨ ᠰᠡᠭᠦᠯ ᠤᠨ ᠲᠣᠭᠯᠠᠯᠲᠠ ᠪᠠᠨ ᠬᠢᠯ᠎ᠡ | News.MN

ᠮᠣᠩᠭᠣᠯ ᠤᠨ ᠬᠥᠯ ᠪᠥᠮᠪᠦᠭᠡ ᠶᠢᠨ ᠪᠠᠭ ᠬᠡᠰᠡᠭ ᠤᠨ ᠰᠡᠭᠦᠯ ᠤᠨ ᠲᠣᠭᠯᠠᠯᠲᠠ ᠪᠠᠨ ᠬᠢᠯ᠎ᠡ

ᠮᠣᠩᠭᠣᠯ ᠤᠨ ᠬᠥᠯ ᠪᠥᠮᠪᠦᠭᠡ ᠶᠢᠨ 17 ᠬᠦᠷᠲᠡᠯᠡᠬᠢ ᠨᠠᠰᠤᠨ ᠤ ᠰᠢᠭᠰᠢᠭᠡ ᠪᠠᠭ ᠠᠽᠢᠶ᠎ᠠ ᠶᠢᠨ ᠬᠥᠯ ᠪᠥᠮᠪᠦᠭᠡ ᠶᠢᠨ ᠬᠤᠯᠪᠤᠭᠠᠨ ᠤ 17 ᠬᠦᠷᠲᠡᠯᠡᠬᠢ ᠨᠠᠰᠤᠨ ᠤ︽ᠠᠽᠢᠶ᠎ᠠ ᠶᠢᠨ ᠴᠣᠮᠤ︾ ᠶᠢᠨ ᠲᠡᠮᠡᠴᠡᠭᠡᠨ ᠤ ᠤᠷᠢᠳᠴᠢᠯᠠᠭᠰᠠᠨ ᠱᠠᠲᠤᠨ ᠤ H ᠬᠡᠰᠡᠭ ᠤᠨ ᠲᠣᠭᠯᠠᠯᠲᠠ ᠨᠤᠭᠤᠳ ᠢᠶᠠᠨ ᠬᠢᠬᠦ ᠪᠠᠷ ᠲᠠᠵᠢᠺᠰᠲ᠋ᠠᠨ ᠤᠯᠤᠰ ᠢ ᠵᠣᠷᠢᠭᠰᠠᠨ ᠪᠢᠯᠡ᠃
ᠮᠣᠩᠭᠣᠯ ᠤᠨ ᠬᠥᠯ ᠪᠥᠮᠪᠦᠭᠡ ᠶᠢᠨ ᠰᠢᠭᠰᠢᠭᠡ ᠪᠠᠭ ᠤᠨ ᠬᠥᠪᠡᠭᠦᠳ ᠲᠥᠪ ᠠᠶᠢᠮᠠᠭ  ᠲᠡᠬᠢ ᠮᠣᠩᠭᠤᠯ ᠤᠨ ᠬᠥᠯ ᠪᠥᠮᠪᠦᠭᠡ ᠶᠢᠨ  ᠬᠤᠯᠪᠤᠭᠠᠨ ᠤ ᠪᠡᠯᠡᠳᠬᠡᠯ ᠤᠨ ᠲᠦᠪ ᠲᠦ ᠲᠡᠮᠡᠴᠡᠭᠡᠨ ᠤ ᠡᠮᠦᠨᠡᠬᠢ ᠪᠡᠯᠡᠦᠡᠭᠡᠯ ᠰᠤᠷᠭᠠᠭᠤᠯᠢ ᠪᠠᠨ ᠬᠠᠩᠭᠠᠭᠰᠠᠨ ᠪᠢᠯᠡ᠃
ᠲᠡᠳᠡ ᠤᠷᠢᠳᠴᠢᠯᠠᠭᠰᠠᠨ ᠱᠠᠲᠤᠨ ᠤ H ᠬᠡᠰᠡᠭ ᠤᠨ ᠲᠣᠭᠯᠠᠯᠲᠠ ᠪᠠᠨ ᠡᠨᠡ ᠰᠠᠷ᠎ᠠ ᠶᠢᠨ 5  ᠳᠦ ᠲᠠᠵᠢᠺᠰᠲ᠋ᠠᠨ ᠤ ᠪᠠᠭ ᠲᠠᠢ ᠬᠢᠵᠦ᠂ ᠲᠣᠭᠯᠠᠯᠲᠠ ᠶᠢᠨ ᠦᠨᠳᠦᠰᠦᠨ ᠴᠠᠭ ᠲᠤ 0:3 ᠬᠠᠷᠢᠴᠠᠭ᠎ᠠ ᠲᠠᠢ ᠬᠤᠵᠢᠭᠳᠠᠭᠰᠠᠨ᠃ ᠬᠠᠷᠢᠨ ᠡᠨᠡ ᠰᠠᠷ᠎ᠠ ᠶᠢᠨ 7  ᠳᠤ ᠬᠡᠰᠡᠭ ᠤᠨ ᠰᠡᠭᠦᠯ ᠤᠨ ᠲᠣᠭᠯᠠᠯᠲᠠ ᠪᠠᠨ ᠠᠹᠭᠠᠨᠢᠰᠲ᠋ᠠᠨ ᠤ ᠰᠢᠭᠰᠢᠭᠡ ᠪᠠᠭ ᠲᠠᠢ ᠬᠢᠵᠦ᠂ 0:5 ᠬᠠᠷᠢᠴᠠᠭ᠎ᠠ ᠲᠠᠢ ᠬᠤᠵᠢᠭᠳᠠᠵᠠᠢ᠃

ᠰᠡᠳᠬᠢᠭᠳᠡᠯ ᠦᠯᠡᠳᠡᠭᠡᠬᠦ