ᠮᠣᠩᠭᠣᠯ ᠤᠨ ᠰᠢᠭᠰᠢᠭᠡ ᠪᠠᠭ 16 ᠬᠦᠷᠲᠡᠯᠡᠬᠢ ᠨᠠᠰᠤᠨ ᠤ ᠳᠡᠯᠡᠬᠡᠢ ᠶᠢᠨ ᠰᠢᠲᠠᠷ᠎ᠠ ᠶᠢᠨ ᠤᠯᠢᠮᠫᠢᠶᠡᠳ᠋ ᠲᠤ ᠣᠶᠣᠨ ᠤᠬᠠᠭᠠᠨ ᠢᠶᠠᠨ ᠤᠷᠤᠯᠳᠤᠭᠤᠯᠵᠤ ᠰᠢᠯᠢᠳᠡᠭ 10 ᠪᠠᠭ ᠲᠤ ᠪᠠᠭᠲᠠᠵᠤ᠂ 8 ᠳ᠋ᠤᠭᠠᠷ ᠪᠠᠶᠢᠷᠢ ᠳᠤ ᠰᠢᠯᠭᠠᠷᠠᠯ᠎ᠠ᠃ ᠠᠽᠧᠷᠪᠠᠶᠢᠵᠠᠨ ᠤᠯᠤᠰ ᠲᠤ 16 ᠬᠦᠷᠲᠡᠯᠡᠬᠢ ᠨᠠᠰᠤᠨ ᠤ ᠳᠡᠯᠡᠬᠡᠢ ᠶᠢᠨ ᠰᠢᠲᠠᠷ᠎ᠠ ᠶᠢᠨ ᠤᠯᠢᠮᠫᠢᠶᠡᠳ᠋ 10 ᠳ᠋ᠤᠭᠠᠷ ᠰᠠᠷ᠎ᠠ ᠶᠢᠨ 01-11 ᠳᠤ ᠠᠮᠵᠢᠯᠲᠠᠲᠠᠶ ᠶᠠᠪᠤᠭᠳᠠᠵᠤ ᠂ ᠳᠡᠯᠡᠬᠡᠢ ᠶᠢᠨ 22 ᠣᠷᠣᠨ ᠤ 34 ᠪᠠᠭ ᠤᠨ 206 ᠥᠰᠪᠦᠷᠢ ᠶᠢᠨ ᠰᠢᠯᠢᠳᠡᠭ ᠲᠠᠮᠢᠷᠴᠢᠳ ᠣᠷᠣᠯᠴᠠᠯ᠎ᠠ᠃
ᠮᠣᠩᠭᠤᠯ ᠤᠯᠤᠰ ᠢᠶᠠᠨ ᠲᠥᠯᠥᠭᠡᠯᠡᠨ ᠪ∙ᠠᠨᠠᠨᠳᠠ᠂ ᠪ∙ᠲᠠᠨᠢᠭᠦᠨᠪᠤᠯᠤᠳ᠂ ᠮ᠊∙ᠠᠮᠢᠯᠠᠯ᠂ ᠡ᠊·ᠬᠦᠰᠡᠯᠡᠩ ᠨᠠᠷ ᠤᠨ ᠪᠦᠷᠢᠯᠳᠦᠬᠦᠨ ᠲᠠᠢ 16 ᠬᠦᠷᠲᠡᠯᠡᠬᠢ ᠨᠠᠰᠤᠨ ᠤ ᠪᠠᠭ 9 ᠥᠷᠦᠭ ᠲᠣᠭᠯᠠᠵᠤ 4 ᠬᠤᠵᠢᠯ᠂ 2 ᠲᠡᠩᠴᠡᠭᠡ᠂ 3 ᠬᠤᠵᠢᠭᠳᠠᠯ ᠲᠠᠢ᠂ ᠨᠡᠶᠢᠯᠡᠪᠦᠷᠢ ᠳ᠋ᠦᠩ ᠢᠶᠠᠷ 10 ᠣᠨᠣᠭᠤ ᠲᠠᠢ 8 ᠳ᠋ᠤᠭᠠᠷ ᠪᠠᠶᠢᠷᠢ ᠳᠤ ᠰᠢᠯᠭᠠᠷᠠᠭᠰᠠᠨ ᠪᠠᠶᠢᠨ᠎ᠡ᠃