︽ᠡᠺᠰᠫᠤ ᠮᠤᠩᠭᠤᠯᠢᠶᠠ – 2022︾ᠣᠯᠠᠨ ᠤᠯᠤᠰ ᠤᠨ ᠦᠵᠡᠰᠬᠦᠯᠡᠩ︽ᠮᠢᠰᠢᠶᠡᠯ ᠡᠺᠰᠫᠤ︾ ᠳᠤ ᠡᠬᠢᠯᠡᠯ᠎ᠡ᠃︽ᠬᠥᠷᠥᠩᠭᠡ ᠣᠷᠤᠭᠤᠯᠤᠯᠲᠠ ᠪᠠ ᠡᠳ᠋ ᠤᠨ ᠵᠠᠰᠠᠭ ᠤᠨ ᠲᠠᠭᠠᠲᠠᠢ ᠣᠷᠴᠢᠨ︾ᠤᠷᠢᠶᠠᠨ ᠳ᠋ᠤᠷ ᠪᠣᠯᠵᠤ ᠪᠤᠶ ᠡᠨᠡ ᠤᠳᠠᠭ᠎ᠠ ᠶᠢᠨ ᠦᠵᠡᠰᠬᠦᠯᠡᠩ ᠳᠤ ᠳᠡᠯᠡᠬᠡᠢ ᠶᠢᠨ ᠳᠤᠯᠤᠭᠠᠨ ᠣᠷᠣᠨ ᠤ 45 ᠺᠣᠮᠫᠠᠨᠢ ᠶᠢᠨ ᠲᠥᠯᠦᠭᠡᠯᠡᠯ ᠣᠷᠣᠯᠴᠠᠵᠤ᠂ ᠲᠤᠬᠠᠢ ᠶᠢᠨ ᠤᠯᠤᠰ ᠤᠨ ᠦᠢᠯᠡᠳᠪᠦᠷᠢ ᠨᠦᠭᠦᠳ ᠤᠨ ᠰᠢᠨ᠎ᠡ ᠪᠦᠲᠦᠭᠡᠭᠳᠡᠬᠦᠨ ᠲᠧᠭᠨᠢᠭ᠂ ᠲᠧᠭᠨᠣᠯᠣᠭᠢ ᠶᠢ ᠳᠡᠯᠭᠡᠨ ᠲᠠᠨᠢᠯᠴᠠᠭᠤᠯᠵᠤ ᠪᠠᠶᠢᠨ᠎ᠡ᠃
︽ᠡᠺᠰᠫᠤ ᠮᠤᠩᠭᠤᠯᠢᠶᠠ – 2022︾ ᠢ ᠮᠠᠨ ᠤ ᠤᠯᠤᠰ ᠲᠤ ᠡᠨᠡ ᠵᠢᠯ 8 ᠳᠠᠬᠢ ᠤᠳᠠᠭ᠎ᠠ ᠪᠠᠨ ᠵᠣᠬᠢᠶᠠᠨ ᠪᠠᠶᠢᠭᠤᠯᠵᠤ ᠪᠤᠶ ᠪᠥᠭᠡᠳ COVID ᠡᠴᠡ ᠡᠭᠦᠳᠦᠨ ᠰᠡᠭᠦᠯ ᠤᠨ ᠬᠤᠶᠠᠷ ᠵᠢᠯ ᠵᠠᠪᠰᠠᠷᠯᠠᠵᠠᠢ᠃ ᠡᠮᠦᠨᠡᠬᠢ︽ᠡᠺᠰᠫᠤ ᠮᠤᠩᠭᠤᠯᠢᠶᠠ – 2019︾ ᠦᠵᠡᠰᠬᠦᠯᠡᠩ ᠤᠨ ᠦᠷ᠎ᠡ ᠳ᠋ᠦᠩ ᠳᠤ ᠭᠧᠷᠮᠡᠠ ᠤᠯᠤᠰ ᠤᠨ ᠤᠰᠤᠨ ᠤ ᠠᠻᠠᠳᠧᠮᠢ ᠬᠥᠪᠰᠥᠬᠦᠯ ᠠᠶᠢᠮᠠᠭ ᠤᠨ ᠮᠦᠷᠡᠨ ᠬᠤᠲᠠ ᠶᠢᠨ ᠵᠠᠬᠢᠷᠭ᠎ᠠ ᠬᠠᠮᠲᠤᠷᠠᠨ ᠬᠥᠪᠰᠥᠬᠦᠯ ᠨᠠᠭᠤᠷ ᠲᠤ ᠤᠰᠤᠨ ᠤ ᠰᠤᠳᠤᠯᠭ᠎ᠠ᠂ ᠰᠢᠨᠵᠢᠯᠡᠭᠡ᠂ ᠬᠠᠮᠠᠭᠠᠯᠠᠯ ᠤᠨ ᠲᠠᠯ᠎ᠠ ᠪᠠᠷ ᠬᠠᠮᠲᠤᠷᠠᠨ ᠠᠵᠢᠯᠯᠠᠵᠤ ᠪᠠᠶᠢᠨ᠎ᠡ᠃