ᠡ᠊ ·ᠡᠩᠬᠡᠲᠠᠮᠢᠷ ᠬᠦᠨᠳᠦ ᠶᠢᠨ ᠡᠷᠭᠦᠯᠲᠡ ᠶᠢᠨ  ᠲᠡᠮᠡᠴᠡᠭᠡᠨ  ᠠᠴᠠ ᠮᠥᠩᠭᠦᠨ ᠮᠧᠳᠠᠯ ᠬᠦᠷᠲᠡᠯ᠎ᠡ | News.MN

 ᠡ᠊ ·ᠡᠩᠬᠡᠲᠠᠮᠢᠷ ᠬᠦᠨᠳᠦ ᠶᠢᠨ ᠡᠷᠭᠦᠯᠲᠡ ᠶᠢᠨ  ᠲᠡᠮᠡᠴᠡᠭᠡᠨ  ᠠᠴᠠ ᠮᠥᠩᠭᠦᠨ ᠮᠧᠳᠠᠯ ᠬᠦᠷᠲᠡᠯ᠎ᠡ

ᠬᠦᠨᠳᠦ ᠶᠢᠨ ᠡᠷᠭᠦᠯᠲᠡ ᠶᠢᠨ ᠠᠽᠢᠶ᠎ᠠ ᠲᠢᠪ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠪᠠᠾᠷᠧᠶᠢᠨ ᠤᠯᠤᠰ ᠤᠨ ᠮᠠᠨᠠᠮᠠ ᠬᠤᠲᠠ ᠳᠤ ᠥᠴᠥᠭᠡᠳᠦᠷ ᠡᠬᠢᠯᠡᠪᠡ᠃ ᠲᠤᠰ ᠲᠡᠮᠡᠴᠡᠭᠡᠨ ᠳᠤ ᠮᠣᠩᠭᠤᠯ ᠤᠯᠤᠰ ᠠᠴᠠ ᠳᠥᠷᠪᠡᠨ ᠲᠠᠮᠢᠷᠴᠢᠨ ᠥᠷᠢᠰᠦᠯᠳᠦᠵᠦ ᠪᠠᠶᠢᠭ᠎ᠠ ᠪᠥᠭᠡᠳ ᠡ᠊ · ᠡᠩᠬᠡᠲᠠᠮᠢᠷ ᠣᠭᠵᠣᠮ ᠡᠷᠭᠦᠯᠲᠡ ᠶᠢᠨ ᠲᠥᠷᠥᠯ ᠳᠤ ᠮᠥᠩᠭᠦᠨ ᠮᠧᠳᠠᠯ ᠬᠦᠷᠲᠡᠯ᠎ᠡ᠃ ᠲᠡᠷᠡ ᠪᠠᠷ  ᠣᠭᠵᠣᠮ ᠡᠷᠭᠦᠯᠲᠡ ᠢᠶᠠᠷ 86᠂ 89᠂ 92 ᠺᠢᠯᠣᠭ᠍ᠷᠠᠮ  ᠢ ᠡᠷᠭᠦᠭᠰᠡᠨ ᠪᠠᠶᠢᠨ᠎ᠡ᠃
ᠲᠠᠰᠢᠷᠠᠮ ᠳᠤ ᠳᠤᠭᠤᠯᠭᠠᠬᠤ ᠳᠤ᠂ ᠲᠤᠰ ᠲᠡᠮᠡᠴᠡᠭᠡᠨ ᠤ 71 ᠺᠢᠯᠣᠭ᠍ᠷᠠᠮ ᠤᠨ ᠵᠢᠩ ᠳᠤ ᠬ᠋᠊ ·ᠠᠨᠤᠵᠢᠨ᠂76 ᠺᠢᠯᠣᠭ᠍ᠷᠠᠮ ᠳᠤ ᠳ᠋᠊ · ᠳᠠᠷᠬᠢᠵᠠᠪ ᠦᠷᠢᠰᠦᠯᠳᠦᠬᠦ ᠪᠣᠯ ᠭᠠᠪᠢᠶᠠᠲᠤ ᠲᠠᠮᠢᠷᠴᠢᠨ ᠮ᠊ ∙ᠠᠩᠬᠠᠴᠡᠴᠡᠭ ᠡᠨᠡ ᠰᠠᠷ᠎ᠠ ᠶᠢᠨ 14 ᠳᠤ ᠲᠡᠮᠡᠴᠡᠭᠡᠨ ᠳᠡᠭᠡᠨ ᠣᠷᠣᠨ᠎ᠠ᠃

ᠰᠡᠳᠬᠢᠭᠳᠡᠯ ᠦᠯᠡᠳᠡᠭᠡᠬᠦ