︽ᠳᠦᠨᠵᠢᠩᠭᠠᠷᠪᠤ ᠮᠠᠷᠠᠹᠣᠨ︾ ᠳᠤ 1500 ᠭᠠᠷᠦᠢ ᠲᠠᠮᠢᠷᠴᠢᠨ ᠦᠷᠢᠰᠦᠯᠳᠦᠪᠡ | News.MN

︽ᠳᠦᠨᠵᠢᠩᠭᠠᠷᠪᠤ ᠮᠠᠷᠠᠹᠣᠨ︾ ᠳᠤ 1500 ᠭᠠᠷᠦᠢ ᠲᠠᠮᠢᠷᠴᠢᠨ ᠦᠷᠢᠰᠦᠯᠳᠦᠪᠡ

ᠬᠥᠭᠵᠢᠯ ᠤᠨ ᠪᠡᠷᠬᠡᠰᠢᠶᠡᠯᠲᠡᠢ ᠢᠷᠭᠡᠳ ᠢ ᠳᠡᠮᠵᠢᠬᠦ᠂ ᠲᠡᠭᠰᠢ ᠣᠷᠣᠯᠴᠠᠭ᠎ᠠ ᠶᠢ ᠬᠠᠩᠭᠠᠬᠤ ᠵᠣᠷᠢᠯᠭ᠎ᠠ ᠶᠢᠨ ᠬᠦᠷᠢᠶᠡᠨ ᠳᠤ ᠫᠠᠷᠠ ᠬᠥᠩᠭᠡᠨ ᠠᠲᠯᠧᠲ᠋ᠢᠺ ᠤᠨ ᠤᠤᠭᠠᠨ ᠭᠠᠪᠢᠶᠠᠲᠤ ᠲᠠᠮᠢᠷᠴᠢᠨ ᠵ᠊·ᠯᠾᠬᠠᠪᠠᠵᠠᠪ ᠤᠨ ᠨᠡᠷᠡᠮᠵᠢᠲᠦ︽ᠳᠦᠨᠵᠢᠩᠭᠠᠷᠪᠤ ᠮᠠᠷᠠᠹᠣᠨ︾ᠳᠦᠨᠵᠢᠩᠭᠠᠷᠪᠤ ᠬᠤᠳᠠᠯᠳᠤᠭᠠᠨ ᠤ ᠲᠥᠪ ᠤᠨ ᠲᠠᠯᠠᠪᠠᠢ ᠳᠤ ᠪᠣᠯᠣᠯ᠎ᠠ᠃ ᠤᠷᠤᠯᠳᠤᠭᠠᠨ ᠳᠤ 1500 ᠣᠷᠴᠢᠮ ᠲᠠᠮᠢᠷᠴᠢᠨ ᠣᠷᠣᠯᠴᠠᠭᠰᠠᠨ ᠪᠠ ᠵᠢᠯ ᠤᠨ ᠪᠦᠷᠢ ᠶᠢᠨ ᠡᠨᠡ ᠡᠳᠦᠷ ᠤᠯᠠᠮᠵᠢᠯᠠᠯ ᠪᠣᠯᠭᠠᠨ ᠵᠣᠬᠢᠶᠠᠨ ᠪᠠᠶᠢᠭᠤᠯᠬᠤ ᠪᠠᠷ ᠲᠣᠭᠲᠠᠵᠠᠢ᠃
ᠮᠠᠷᠠᠹᠣᠨ ᠭᠦᠶᠦᠯᠲᠡ ᠶᠢ ᠮᠡᠷᠭᠡᠵᠢᠯ ᠤᠨ ᠲᠠᠮᠢᠷᠴᠢᠳ ᠤᠨ 1500᠂ 5000 ᠮᠧᠲᠷ᠂ ᠡᠯᠢᠲ 21 ᠺᠢᠯᠣᠮᠧᠲᠷ  ᠤᠨ ᠵᠠᠢ ᠳᠤ 18-34᠂ 35-44᠂ 45-49 ᠨᠠᠰᠤᠨ ᠤ ᠬᠢᠨ ᠥᠷᠢᠰᠦᠯᠳᠦᠭᠰᠡᠨ ᠪᠤᠯ ᠬᠥᠭᠵᠢᠯ ᠤᠨ ᠪᠡᠷᠬᠡᠰᠢᠶᠡᠯᠲᠡᠢ ᠢᠷᠭᠡᠳ ᠤᠨ ᠠᠩᠭᠢᠯᠠᠯ ᠳᠤ ᠲ᠊ – 11 ᠪᠤᠶᠤ ᠪᠦᠷᠢᠠ ᠬᠠᠷᠠᠭ᠎ᠠ ᠦᠭᠡᠶ 1500 ᠮᠧᠲᠷ᠂ ᠲ᠊ – 12 ᠪᠤᠶᠤ ᠰᠤᠯᠠ ᠬᠠᠷᠠᠭ᠎ᠠ ᠲᠠᠢ 5000 ᠮᠧᠲᠷ᠂ ᠲ᠊ – 46 ᠪᠤᠶᠤ ᠭᠠᠷ ᠤᠨ ᠲᠠᠭᠠᠷᠢᠯᠲᠠ ᠲᠠᠢ 5000 ᠮᠧᠲᠷ᠂ ᠲ᠊ – 53᠂ 54 ᠪᠤᠶᠤ ᠲᠡᠷᠭᠡᠨᠴᠢᠷ ᠲᠠᠢ 1500 ᠮᠧᠲᠷ᠂ ᠲ᠊ – 37᠂ 38 ᠪᠤᠶᠤ ᠰᠠᠵᠢᠯᠲᠠ ᠲᠠᠢ 1500 ᠮᠧᠲᠷ ᠤᠨ ᠵᠠᠢ ᠶᠢᠨ ᠤᠷᠤᠯᠳᠤᠭᠠᠨ ᠳᠤ 16 ᠠᠴᠠ ᠳᠡᠭᠡᠭᠰᠢ ᠨᠠᠰᠤᠨ ᠤ ᠡᠷᠡᠭᠲᠡᠢ᠂ ᠡᠮᠡᠭᠳᠡᠢ ᠭᠦᠶᠦᠭᠴᠢᠳ ᠥᠷᠢᠰᠦᠯᠳᠦᠭᠰᠡᠨ  ᠶᠤᠮ᠃

ᠰᠡᠳᠬᠢᠭᠳᠡᠯ ᠦᠯᠡᠳᠡᠭᠡᠬᠦ