ᠶᠢᠰᠦᠳᠦᠭᠡᠷ ᠰᠠᠷ᠎ᠠ ᠶᠢᠨ 16-22 ᠤ ᠡᠳᠦᠷ ᠤᠳ ᠲᠤ ᠡᠳᠦᠷ ᠲᠤ ᠳᠤᠮᠳᠠᠴᠢ ᠪᠠᠷ 1316 ᠠᠦ᠋ᠲ᠋ᠣ᠋ ᠮᠠᠰᠢᠨ᠂ 402 ᠴᠢᠩᠭᠡᠯᠢᠭ ᠲᠡᠭᠡᠭᠡᠪᠦᠷᠢ ᠬᠢᠭᠳᠡᠭᠰᠡᠨ ᠲᠠᠯ᠎ᠠ ᠪᠠᠷ ᠠᠭᠤᠯᠠ ᠠᠭᠤᠷᠬᠠᠢ ᠬᠦᠨᠳᠦ ᠦᠢᠯᠡᠳᠪᠤᠷᠢ ᠶᠢᠨ ᠶᠠᠮᠤᠨ ᠠᠴᠠ ᠮᠡᠳᠡᠭᠡᠯᠡᠯ᠎ᠡ᠃ ᠲᠠᠶᠢᠯᠤᠨᠲᠤ ᠬᠤᠨᠤᠭ ᠤᠨ ᠬᠤᠭᠤᠴᠠᠭᠠᠨ ᠳᠤ 1028.9 ᠮᠢᠩᠭᠠᠨ ᠲᠣᠨ ᠨᠡᠭᠦᠷᠡᠰᠦ ᠭᠠᠷᠭᠠᠭᠰᠠᠨ ᠨᠢ ᠡᠮᠦᠨᠡᠬᠢ ᠣᠨ ᠤ ᠮᠦᠠ ᠦᠶ᠎ᠡ ᠠᠴᠠ 403.2 ᠬᠤᠪᠢ ᠪᠤᠶᠤ ᠳᠥᠷᠪᠡ ᠳᠠᠬᠢᠨ ᠥᠰᠦᠭᠰᠡᠨ ᠦᠵᠡᠭᠦᠯᠦᠯᠲᠡ ᠶᠤᠮ᠃
ᠣᠨ ᠤ ᠡᠬᠢᠨ ᠠᠴᠠ 17793.0 ᠮᠢᠩᠭᠠᠨ ᠲᠣᠨ ᠨᠡᠭᠦᠷᠡᠰᠦ ᠭᠠᠷᠭᠠᠭᠰᠠᠨ ᠢᠶᠠᠷ ᠨᠡᠭᠦᠷᠡᠰᠦ ᠡᠺᠰᠫᠣᠷᠲ ᠡᠮᠦᠨᠡᠬᠢ ᠣᠨ ᠤ ᠮᠦᠠ ᠦᠶ᠎ᠡ ᠶᠢᠨ ᠬᠢ ᠠᠴᠠ 48 ᠬᠤᠪᠢ ᠶᠢᠨ ᠥᠰᠦᠯᠲᠡ ᠲᠠᠢ ᠪᠠᠶᠢᠨ᠎ᠡ᠃ ᠬᠠᠷᠢᠨ ᠮᠣᠩᠭᠤᠯ ᠪᠠᠩᠬᠢ ᠣᠨ ᠤ ᠡᠬᠢᠨ ᠠᠴᠠ ᠡᠨᠡ ᠰᠠᠷ᠎ᠠ ᠶᠢᠨ 22 ᠤ ᠪᠠᠶᠢᠳᠠᠯ ᠢᠶᠠᠷ 13.75 ᠲᠣᠨ ᠠᠯᠳᠠ ᠬᠤᠳᠠᠯᠳᠤᠨ ᠠᠪᠴᠠᠢ᠃ ᠡᠷᠦᠳᠡᠰᠦ ᠪᠦᠲᠦᠭᠡᠭᠳᠡᠬᠦᠨ ᠤ ᠨᠡᠶᠢᠲᠡ ᠡᠺᠰᠫᠣᠷᠲ 70 ᠬᠤᠪᠢ ᠶᠢᠨ ᠭᠦᠢᠴᠡᠳᠬᠡᠯ ᠲᠠᠢ ᠪᠠᠶᠢᠨ᠎ᠡ᠃ ᠲᠤᠬᠠᠶᠢᠯᠠᠪᠠᠯ᠂ ᠨᠡᠭᠦᠷᠡᠰᠦ 98.9᠂ ᠵᠡᠰ ᠤᠨ ᠪᠠᠶᠠᠵᠢᠮᠠᠯ 87.7᠂ ᠲᠡᠮᠦᠷ 59.8᠂ ᠠᠯᠳᠠ 68.8᠂ ᠴᠠᠶᠢᠷ 103.8 ᠬᠤᠪᠢ ᠲᠠᠶ ᠪᠠᠶᠢᠨ᠎ᠡ᠃