ᠲᠥᠪ ᠠᠶᠢᠮᠠᠭ ᠤᠨ ᠪᠠᠶᠠᠨᠴᠤᠭᠲᠤ ᠰᠤᠮᠤ ᠠᠩᠬ᠎ᠠ ᠤᠳᠠᠭ᠎ᠠ︽ᠰᠣᠨᠤᠷ︾ᠳ᠋ᠠᠷᠲᠰ ᠤᠨ ᠺᠯᠦ᠋ᠪ ᠢ ᠰᠣᠶᠤᠯ ᠤᠨ ᠲᠦᠪ ᠲᠦ ᠪᠠᠶᠢᠭᠤᠯᠤᠯ᠎ᠠ᠃ ᠤᠭ ᠠᠵᠢᠯ ᠢ ᠠᠶᠢᠮᠠᠭ ᠤᠨ ᠬᠥᠭᠵᠢᠯ ᠤᠨ ᠬᠥᠲᠦᠴᠢ ᠺᠯᠦ᠋ᠪ ᠠᠴᠠ ᠰᠠᠨᠠᠭᠠᠴᠢᠯᠠᠨ᠂ 27 ᠰᠤᠮᠤᠨ ᠳᠤ ᠳ᠋ᠠᠷᠲᠰ ᠤᠨ ᠺᠯᠦ᠋ᠪ ᠪᠠᠶᠢᠭᠤᠯᠬᠤ ᠤᠷᠢᠶᠠᠯᠠᠭ᠎ᠠ ᠭᠠᠷᠭᠠᠵᠤ᠂ ᠡᠶᠢᠨ ᠬᠦ ᠬᠡᠷᠡᠭᠵᠢᠭᠦᠯᠵᠦ ᠪᠠᠶᠢᠨ᠎ᠡ᠃ ᠲᠥᠪ ᠠᠶᠢᠮᠠᠭ ᠤᠨ ᠬᠡᠮᠵᠢᠶᠡᠨ ᠳᠤ ᠡᠨᠡ ᠨᠢ ᠭᠤᠷᠪᠠᠳᠠᠬᠢ ᠳ᠋ᠠᠷᠲᠰ ᠤᠨ ᠺᠯᠦ᠋ᠪ ᠪᠥᠭᠡᠳ︽ᠵᠡᠪᠡ︾ᠪᠤᠯᠦᠠ︽ᠤᠭᠲᠤᠭᠠᠯ︾ᠭᠡᠰᠡᠨ ᠳ᠋ᠠᠷᠲᠰ ᠤᠨ ᠺᠯᠦ᠋ᠪ ᠭᠡᠵᠦ ᠪᠠᠰᠠ ᠦᠶᠯᠡ ᠠᠵᠢᠯᠯᠠᠭ᠎ᠠ ᠪᠠᠨ ᠢᠳᠡᠪᠬᠢᠲᠡᠢ ᠶᠠᠪᠤᠭᠤᠯᠳᠠᠭ᠃
ᠰᠡᠭᠦᠯ ᠤᠨ 3 ᠵᠢᠯ ᠤᠨ ᠬᠤᠭᠤᠴᠠᠭᠠᠨ ᠳᠤ ᠲᠥᠪ ᠠᠶᠢᠮᠠᠭ ᠲᠤ ᠳ᠋ᠠᠷᠲᠰ ᠤᠨ ᠰᠫᠣᠷᠲ ᠡᠷᠴᠢᠮ ᠲᠠᠢ ᠬᠥᠭᠵᠢᠵᠦ ᠪᠠᠶᠢᠭ᠎ᠠ ᠪᠥᠭᠡᠳ ᠡᠨᠡ ᠰᠫᠣᠷᠲ ᠨᠢ ᠨᠡᠰᠦ᠂ ᠬᠦᠶᠰᠦ᠂ ᠪᠡᠶ᠎ᠡ ᠶᠢᠨ ᠵᠢᠩ ᠤᠬᠳᠦ ᠬᠠᠷᠠᠭᠠᠯᠵᠠᠯ ᠦᠭᠡᠢ ᠪᠠᠷ ᠪᠡᠶ᠎ᠠ ᠹᠢᠽᠢᠣᠯᠣᠭᠢ ᠶᠢᠨ ᠬᠤᠪᠢ ᠳᠤ ᠬᠡᠨ ᠴᠤ ᠬᠢᠴᠢᠶᠡᠯᠯᠡᠬᠦ ᠪᠣᠯᠣᠮᠵᠢ ᠲᠠᠢ ᠬᠠᠷᠢᠴᠠᠩᠭᠤᠢ ᠲᠡᠶᠢᠪᠤᠡᠭ ᠲᠥᠷᠥᠯ ᠤᠨ ᠰᠫᠣᠷᠲ ᠭᠡᠳᠡᠭ ᠢᠶᠠᠷ ᠢᠶᠠᠨ ᠣᠨᠴᠠᠯᠢᠭ᠃ ᠥᠨᠥᠳᠥᠷ ᠤᠨ ᠪᠠᠶᠢᠳᠠᠯ ᠢᠶᠠᠷ ᠠᠶᠢᠮᠠᠭ ᠤᠨ 300 ᠭᠠᠷᠦᠢ ᠭᠡᠰᠢᠭᠦᠨ ᠪᠤᠯᠦᠠ ᠰᠣᠨᠢᠷᠬᠠᠭᠴᠢᠳ ᠬᠢᠴᠢᠶᠡᠯᠯᠡᠵᠦ ᠪᠠᠶᠢᠨ᠎ᠡ᠃