ᠠᠦ᠋ᠰᠲᠷᠠᠯᠢᠶ᠎ᠠ ᠳᠤ ᠵᠣᠬᠢᠶᠠᠨ ᠪᠠᠶᠢᠭᠤᠯᠤᠭᠳᠠᠭᠰᠠᠨ ᠲᠡᠮᠡᠴᠡᠭᠡᠨ ᠳᠤ ᠡ᠊ ·ᠠᠮᠤᠷᠵᠢᠷᠭᠠᠯ ᠲᠡᠷᠢᠬᠦᠯᠡᠵᠡᠢ | News.MN

ᠠᠦ᠋ᠰᠲᠷᠠᠯᠢᠶ᠎ᠠ ᠳᠤ ᠵᠣᠬᠢᠶᠠᠨ ᠪᠠᠶᠢᠭᠤᠯᠤᠭᠳᠠᠭᠰᠠᠨ ᠲᠡᠮᠡᠴᠡᠭᠡᠨ ᠳᠤ ᠡ᠊ ·ᠠᠮᠤᠷᠵᠢᠷᠭᠠᠯ ᠲᠡᠷᠢᠬᠦᠯᠡᠵᠡᠢ

ᠵᠠᠪᠬᠠᠨ ᠠᠶᠢᠮᠠᠭ ᠤᠨ ᠪᠦᠵᠢᠭᠴᠢᠨ ᠡ᠊ ·ᠠᠮᠤᠷᠵᠢᠷᠭᠠᠯ  ᠨᠢᠭᠡᠳᠦᠭᠰᠡᠨ ᠦᠨᠳᠦᠰᠦᠨ ᠤ ᠪᠠᠶᠢᠭᠤᠯᠤᠯᠭ᠎ᠠ ᠶᠢᠨ ᠪᠣᠯᠪᠠᠰᠤᠷᠠᠯ᠂ ᠰᠤᠶᠦᠯ᠂ ᠰᠢᠨᠵᠢᠯᠡᠬᠦ ᠤᠬᠠᠭᠠᠨ ᠤ ᠪᠠᠶᠢᠭᠤᠯᠤᠯᠭ᠎ᠠ ᠶᠢᠨ ᠢᠪᠡᠭᠡᠯ ᠳᠤᠤᠷ᠎ᠠ ᠠᠦ᠋ᠰᠲᠷᠠᠯᠢᠶ᠎ᠠ ᠤᠯᠤᠰ ᠲᠤ ᠵᠣᠬᠢᠶᠠᠨ ᠪᠠᠶᠢᠭᠤᠯᠤᠭᠳᠠᠭᠰᠠᠨ ᠭᠤᠴᠤᠯᠠᠯ ᠪᠦᠵᠢᠭᠴᠢᠳ᠂ ᠪᠦᠵᠢᠭ ᠳᠢᠭᠯᠡᠭᠡᠴᠢᠳ ᠤᠨ ᠠᠷᠪᠠᠨ ᠨᠢᠭᠡᠳᠦᠭᠡᠷ ᠲᠡᠮᠡᠴᠡᠭᠡᠨ ᠳᠤ ᠲᠡᠷᠢᠬᠦᠠ ᠪᠠᠶᠢᠷᠢ ᠡᠵᠡᠯᠡᠵᠦ᠂ ᠰᠢᠯᠢᠳᠡᠭ ᠪᠦᠲᠦᠭᠡᠯ ᠤᠨ ᠱᠠᠩᠨᠠᠯ ᠬᠦᠷᠲᠡᠵᠡᠢ᠃
ᠡᠨᠡ ᠬᠦ ᠲᠡᠮᠡᠴᠡᠭᠡᠨ ᠳᠤ ᠠᠷᠪᠠᠨ ᠤᠯᠤᠰ ᠤᠨ ᠪᠦᠵᠢᠭ ᠳᠢᠭᠯᠡᠭᠡᠴᠢ᠂ ᠪᠦᠵᠢᠭᠴᠢᠳ ᠣᠷᠣᠯᠴᠠᠭᠰᠠᠨ ᠪᠠᠶᠢᠨ᠎ᠡ᠃ ᠲᠡᠷᠡ ᠪᠠᠷ ᠲᠤᠰ ᠤᠷᠤᠯᠳᠤᠭᠠᠨ ᠳᠤ ︽ᠲᠠᠮᠠᠭᠠᠨ ᠪᠡᠶᠡᠯᠡᠭᠡ︾ᠪᠦᠵᠢᠭ ᠢᠶᠠᠷ ᠣᠷᠣᠯᠴᠠᠭᠰᠠᠨ ᠪᠥᠭᠡᠳ  ᠰᠤᠶᠦᠯ ᠤᠷᠠᠯᠢᠭ ᠤᠨ ᠶᠡᠭᠡ ᠰᠤᠷᠭᠠᠭᠤᠯᠢ   ᠶᠢᠨ ᠪᠠᠭᠰᠢ ᠮ᠊ ∙ ᠮᠥᠩᠭᠦᠨᠴᠡᠴᠡᠭ ᠪᠦᠵᠢᠭ ᠳᠢᠭᠯᠡᠵᠦ᠂ ᠬᠥᠭᠵᠢᠮ ᠤᠨ ᠵᠣᠬᠢᠶᠠᠯᠴᠢ ᠱ᠊∙ ᠥᠯᠵᠡᠢᠪᠠᠶᠠᠷ ᠠᠶᠠᠯᠭᠤ ᠶᠢ ᠪᠦᠲᠦᠭᠡᠵᠡᠢ᠃

ᠰᠡᠳᠬᠢᠭᠳᠡᠯ ᠦᠯᠡᠳᠡᠭᠡᠬᠦ