ᠠᠵᠤ ᠠᠬᠤᠢ ᠨᠢᠭᠡᠴᠢ ᠶᠢᠨ 83 ᠬᠤᠪᠢ ᠶᠢᠨ ᠬᠢᠨᠢ ᠬᠠᠩᠭᠠᠨ ᠨᠡᠶᠢᠯᠡᠭᠦᠯᠦᠯᠲᠡ ᠲᠠᠰᠤᠯᠳᠠᠵᠠᠢ | News.MN

ᠠᠵᠤ ᠠᠬᠤᠢ ᠨᠢᠭᠡᠴᠢ ᠶᠢᠨ 83 ᠬᠤᠪᠢ ᠶᠢᠨ ᠬᠢᠨᠢ ᠬᠠᠩᠭᠠᠨ ᠨᠡᠶᠢᠯᠡᠭᠦᠯᠦᠯᠲᠡ ᠲᠠᠰᠤᠯᠳᠠᠵᠠᠢ

ᠬᠤᠳᠠᠯᠳᠤᠭ᠎ᠠ᠂ ᠠᠵᠤ ᠦᠢᠯᠡᠳᠪᠦᠷᠢ ᠶᠢᠨ ᠲᠠᠩᠬᠢᠮ ᠠᠴᠠ ᠦᠡᠭᠭᠡᠷᠡᠭᠰᠡᠠ 8 ᠳ᠋ᠤᠭᠠᠷ ᠰᠠᠷ᠎ᠠ ᠶᠢᠨ 25 ᠠᠴᠠ ᠡᠨᠡ ᠰᠠᠷ᠎ᠠ ᠶᠢᠨ 4 ᠬᠦᠷᠳᠡᠯ᠎ᠠ ᠨᠡᠶᠢᠰᠯᠡᠯ᠂ ᠣᠷᠣᠨ ᠨᠤᠲᠤᠭ ᠤᠨ 1073 ᠠᠵᠤ ᠠᠬᠤᠢ ᠶᠢᠨ ᠨᠢᠭᠡᠴᠢ ᠶᠢᠨ ᠳᠤᠮᠳᠠ︽ᠴᠠᠷ᠎ᠠ ᠲᠠᠬᠤᠯ ᠤᠨ ᠲᠡᠷᠡᠭᠠᠬᠢ ᠪᠢᠽᠢᠨᠧᠰ ᠤᠨ ᠨᠥᠬᠦᠴᠡᠯ ᠪᠠᠶᠢᠳᠠᠯ ᠤᠨ ᠰᠤᠳᠤᠯᠭᠠᠨ︾ ᠢ ᠬᠢᠵᠡᠢ᠃ ᠰᠤᠳᠤᠯᠭᠠᠨ ᠳᠤ ᠣᠷᠣᠯᠴᠠᠭᠰᠠᠨ ᠪᠢᠽᠢᠨᠧᠰ ᠡᠷᠬᠢᠯᠡᠭᠴᠢᠳ ᠤᠨ 79 ᠬᠤᠪᠢ ᠨᠢ  ᠴᠠᠷ᠎ᠠ ᠲᠠᠬᠤᠯ ᠤᠨ ᠳᠠᠷᠠᠭ᠎ᠠ ᠪᠠᠷ ᠲᠣᠭᠲᠠᠪᠤᠷᠢᠲᠠᠶ ᠦᠶᠯᠡ ᠠᠵᠢᠯᠯᠠᠭ᠎ᠠ ᠶᠠᠪᠤᠭᠤᠯᠵᠤ ᠪᠠᠶᠢᠨ᠎ᠡ ᠭᠡᠰᠡᠨ ᠪᠣᠯ 21 ᠬᠤᠪᠢ ᠨᠢ ᠲᠣᠭᠲᠠᠪᠤᠷᠢᠲᠠᠶ ᠠᠵᠢᠯᠯᠠᠵᠤ ᠴᠢᠳᠠᠬᠤ ᠦᠭᠡᠢ ᠪᠠᠶᠢᠨ᠎ᠡ ᠭᠡᠵᠡᠢ᠃
ᠰᠤᠳᠤᠯᠭᠠᠨ ᠳᠤ ᠣᠷᠤᠯᠴᠠᠭᠴᠢ ᠪᠢᠽᠢᠨᠧᠰ ᠡᠷᠬᠢᠯᠡᠭᠴᠢᠳ ᠤᠨ 71 ᠬᠤᠪᠢ ᠵᠢᠭᠡᠯᠡ ᠠᠪᠬᠤ ᠬᠦᠰᠡᠯ ᠲᠠᠢ᠂ ᠵᠢᠭᠡᠯᠡ ᠠᠪᠬᠤ ᠪᠠᠷ ᠬᠠᠨᠳᠤᠭᠰᠠᠨ ᠪᠣᠯᠪᠠᠴᠤ 27 ᠬᠤᠪᠢ ᠨᠢ ᠯᠡ ᠠᠪᠴᠤ ᠴᠢᠳᠠᠭᠰᠠᠨ ᠪᠠᠶᠢᠨ᠎ᠡ᠃ ᠵᠢᠭᠡᠯᠡᠯᠭᠡ ᠶᠢᠨ ᠣᠯᠳᠠᠴᠠ ᠮᠠᠭᠤ᠂ ᠬᠦᠦ ᠶᠢᠨ ᠲᠦᠪᠰᠢᠠ ᠦᠡᠳᠦᠷ᠂ ᠬᠤᠭᠤᠴᠠᠭ᠎ᠠ ᠪᠣᠭᠤᠨᠢ᠂ ᠪᠠᠷᠢᠴᠠᠭ᠎ᠠ ᠬᠥᠷᠦᠩᠭᠡ ᠶᠢᠨ ᠱᠠᠭᠠᠷᠳᠠᠯᠭ᠎ᠠ ᠬᠠᠩᠭᠠᠬᠤ ᠦᠭᠡᠢ ᠵᠡᠷᠭᠡ ᠠᠴᠠ ᠰᠢᠯᠲᠠᠭᠠᠯᠠᠵᠤ ᠵᠢᠭᠡᠯᠡ ᠠᠪᠴᠤ ᠴᠢᠳᠠᠬᠤ ᠦᠭᠡᠢ ᠪᠠᠶᠢᠨ᠎ᠡ ᠬᠡᠮᠡᠨ ᠬᠠᠷᠢᠭᠤᠯᠵᠠᠢ᠃ ᠠᠵᠤ ᠠᠬᠤᠢ ᠶᠢᠨ ᠨᠢᠭᠡᠴᠢ ᠶᠢᠨ 83 ᠬᠤᠪᠢ ᠶᠢᠨ ᠬᠢᠨᠢ ᠬᠠᠩᠭᠠᠨ ᠨᠡᠶᠢᠯᠡᠭᠦᠯᠦᠯᠲᠡ ᠶᠡᠮᠡᠷ ᠨᠢᠭᠡ ᠪᠠᠶᠢᠳᠠᠯ ᠢᠶᠠᠷ  ᠲᠠᠰᠤᠯᠳᠠᠭᠰᠠᠨ ᠮᠡᠳᠡᠭᠡᠯᠡᠯ ᠪᠠᠢᠨ᠎ᠠ᠃

ᠰᠡᠳᠬᠢᠭᠳᠡᠯ ᠦᠯᠡᠳᠡᠭᠡᠬᠦ