ᠰᠢᠷᠡᠭᠡᠨ ᠦ ᠲᠧᠨᠨᠢᠰ ᠦᠨ ᠲᠡᠮᠡᠴᠡᠭᠡᠨ ᠳᠦ ᠣᠷᠬᠣᠨ ᠪᠣᠯᠤᠨ ᠪᠠᠭᠠᠬᠠᠩᠭᠠᠢ ᠶᠢᠨ ᠪᠠᠭ ᠲᠦᠷᠦᠭᠦᠯᠡᠯ᠎ᠡ | News.MN

ᠰᠢᠷᠡᠭᠡᠨ ᠦ ᠲᠧᠨᠨᠢᠰ ᠦᠨ ᠲᠡᠮᠡᠴᠡᠭᠡᠨ ᠳᠦ ᠣᠷᠬᠣᠨ ᠪᠣᠯᠤᠨ ᠪᠠᠭᠠᠬᠠᠩᠭᠠᠢ ᠶᠢᠨ ᠪᠠᠭ ᠲᠦᠷᠦᠭᠦᠯᠡᠯ᠎ᠡ

ᠮᠣᠩᠭᠣᠯ ᠤᠨ ᠪᠦᠬᠦ ᠠᠷᠠᠳ ᠲᠦᠮᠡᠨ ᠦ ᠰᠫᠣᠷᠲ ᠤᠨ ᠠᠷᠪᠠᠨ ᠲᠠᠪᠤᠳᠤᠭᠠᠷ ᠨᠠᠭᠠᠳᠤᠮ ᠤᠨ ᠰᠢᠷᠡᠭᠡᠨ ᠦ ᠲᠧᠨᠨᠢᠰ  ᠤᠨ ᠰᠢᠭᠰᠢᠭᠡ ᠲᠡᠮᠡᠴᠡᠭᠡᠨ ᠡᠨᠡ ᠰᠠᠷ᠎ᠠ ᠶᠢᠨ 14-17 ᠳᠦ ᠪᠣᠯᠵᠤ᠂ 21 ᠠᠶᠢᠮᠠᠭ᠂ ᠶᠢᠰᠦᠨ ᠳᠡᠭᠦᠷᠭᠡ ᠡᠴᠡ ᠰᠢᠯᠭᠠᠷᠠᠭᠰᠠᠨ ᠡᠷᠡᠭᠲᠡᠢ 28᠂ ᠡᠮᠡᠭᠲᠡᠢ 27 ᠪᠠᠭ ᠤᠨ 170 ᠣᠷᠴᠢᠮ ᠲᠠᠮᠢᠷᠴᠢᠨ ᠦᠷᠢᠰᠦᠯᠳᠦᠵᠡᠢ᠃
ᠡᠷᠡᠭᠲᠡᠶᠢᠴᠦᠳ ᠦᠨ ᠪᠠᠭ ᠤᠨ ᠲᠥᠷᠥᠯ ᠦᠨ ᠥᠷᠢᠰᠦᠯᠳᠦᠭᠡᠨ ᠳᠦ ᠣᠷᠬᠣᠨ ᠠᠶᠢᠮᠠᠭ ᠤᠨ ᠪᠠᠭ ᠠᠯᠲᠠᠨ ᠮᠧᠳᠠᠯ ᠬᠦᠷᠲᠡᠭᠰᠡᠨ ᠪᠣᠯ ᠡᠮᠡᠭᠲᠡᠢ ᠪᠠᠭ ᠤᠨ ᠲᠥᠷᠥᠯ ᠳᠦ ᠪᠠᠭᠠᠬᠠᠩᠭᠠᠢ ᠳᠡᠭᠦᠷᠭᠡ ᠶᠢᠨ ᠲᠠᠮᠢᠷᠴᠢᠨ ᠮ∙ᠤᠨᠳᠤᠷᠮ᠎ᠠ᠂ ᠪ∙ᠡᠭᠡᠰᠢᠭᠯᠡᠨ᠂ ᠲ∙ᠠᠷᠢᠭᠤᠨᠲᠤᠶᠠᠭ᠎ᠠ ᠨᠠᠷ  ᠲᠡᠷᠢᠭᠦᠯᠡᠵᠡᠢ᠃

ᠰᠡᠳᠬᠢᠭᠳᠡᠯ ᠦᠯᠡᠳᠡᠭᠡᠬᠦ