ᠮᠣᠩᠭᠤᠯ ᠸᠢᠶᠧᠲᠨᠠᠮ ᠤᠨ ᠪᠢᠽᠢᠨᠧᠰ ᠠᠭᠤᠯᠵᠠᠯᠲᠠ ᠪᠤᠯᠵᠠᠢ | News.MN

ᠮᠣᠩᠭᠤᠯ ᠸᠢᠶᠧᠲᠨᠠᠮ ᠤᠨ ᠪᠢᠽᠢᠨᠧᠰ ᠠᠭᠤᠯᠵᠠᠯᠲᠠ ᠪᠤᠯᠵᠠᠢ

ᠮᠣᠩᠭᠤᠯ ᠸᠢᠶᠧᠲᠨᠠᠮ ᠤᠨ ᠬᠤᠶᠠᠳᠠᠬᠢ ᠪᠢᠽᠢᠨᠧᠰ ᠠᠭᠤᠯᠵᠠᠯᠲᠠ ᠪᠤᠯᠪᠠ᠃ ᠮᠠᠨ ᠤ ᠤᠯᠤᠰ ᠲᠤ ᠠᠶᠢᠯᠴᠢᠯᠠᠵᠤ ᠪᠤᠶ ᠪᠦᠬᠦᠳᠠ ᠨᠠᠶᠢᠷᠠᠮᠳᠠᠬᠤ ᠰᠣᠼᠢᠶᠠᠯᠢᠰᠲ ᠸᠢᠶᠧᠲᠨᠠᠮ ᠤᠯᠤᠰ  ᠤᠨ ᠠᠵᠤ ᠦᠢᠯᠡᠳᠪᠦᠷᠢ᠂ ᠬᠤᠳᠠᠯᠳᠤᠭᠠᠨ ᠤ ᠳᠡᠳ᠋ ᠰᠠᠶᠢᠳ ᠴᠠᠩ ᠺᠤᠤᠺ ᠺᠾᠠᠨ᠄ ᠮᠠᠨ ᠤ ᠤᠯᠤᠰ ᠵᠢᠯ ᠳᠤ 370 ᠲᠡᠷᠪᠤᠮ ᠳ᠋ᠣᠯᠯᠠᠷ ᠤᠨ ᠪᠦᠲᠦᠭᠡᠭᠳᠡᠬᠦᠨ ᠢᠮᠫᠣᠷᠲᠯᠠᠳᠠᠭ᠃ ᠨᠡᠭᠦᠷᠡᠰᠦ᠂ ᠲᠡᠮᠦᠷ ᠤᠨ ᠬᠦᠳᠡᠷ᠂ ᠨᠣᠤᠰᠣ᠂ ᠨᠣᠯᠤᠤᠷ᠂ ᠠᠷᠠᠰᠤᠨ ᠤ ᠬᠤᠪᠢ ᠳᠤ ᠰᠢᠷᠢᠨ ᠪᠦᠲᠦᠭᠡᠭᠳᠡᠬᠦᠨ ᠤ ᠬᠡᠷᠡᠭᠴᠡᠭᠡ ᠶᠡᠭᠡ ᠪᠠᠶᠢᠭ᠎ᠠ᠃ ᠬᠤᠳᠠᠯᠳᠤᠭᠠᠨ ᠤ ᠡᠷᠭᠢᠯᠲᠡ ᠶᠢ ᠨᠡᠮᠡᠭᠳᠡᠭᠦᠯᠬᠦ ᠶᠢᠨ ᠲᠤᠯᠠᠳᠠ ᠮᠣᠩᠭᠤᠯ᠂ ᠣᠷᠣᠰ  ᠬᠢᠲᠠᠳ  ᠤᠨ ᠲᠡᠭᠡᠭᠡᠪᠦᠷᠢ ᠶᠢᠨ ᠭᠤᠷᠪᠠᠨ ᠲᠠᠯᠠᠲᠤ ᠬᠡᠯᠡᠯᠴᠡᠭᠡᠷ ᠲᠤ ᠸᠢᠶᠧᠲᠨᠠᠮ ᠨᠢᠭᠡᠳᠦᠨ ᠣᠷᠣᠬᠤ ᠵᠡᠷᠭᠡ ᠪᠠᠷ ᠲᠡᠭᠡᠭᠡᠪᠦᠷᠢ ᠶᠢᠨ ᠭᠠᠷᠴᠠ ᠶᠢ ᠨᠡᠮᠡᠭᠳᠡᠭᠦᠯᠬᠦ ᠱᠠᠭᠠᠷᠳᠠᠯᠭ᠎ᠠ ᠲᠠᠢ ᠪᠠᠶᠢᠭ᠎ᠠ  ᠶᠢ ᠣᠨᠴᠠᠯᠠᠪᠠ᠃
ᠬᠤᠶᠠᠷ ᠤᠯᠤᠰ ᠤᠨ ᠬᠤᠭᠤᠷᠦᠡᠳᠦ ᠡᠬᠢᠨ ᠤ ᠡᠭᠡᠯᠵᠢᠨ ᠳᠤ ᠵᠢᠵᠢᠭ᠂ ᠳᠤᠮᠳᠠ ᠪᠢᠽᠢᠨᠧᠰ  ᠢ ᠬᠥᠭᠵᠢᠭᠦᠯᠦᠭᠰᠡᠨ ᠢᠶᠠᠷ ᠠᠶᠠᠨᠳᠠᠭᠠᠨ ᠲᠣᠮᠤ ᠪᠢᠽᠢᠨᠧᠰ ᠂ ᠬᠠᠮᠲᠤ ᠶᠢᠨ ᠠᠵᠢᠯᠯᠠᠭᠠᠨ ᠤ ᠲᠣᠮᠤᠬᠠᠨ ᠲᠥᠰᠥᠯ ᠤᠳ ᠣᠷᠣᠵᠤ ᠬᠥᠭᠵᠢᠬᠦ ᠪᠣᠯᠣᠮᠵᠢ ᠲᠠᠢ᠃ ᠲᠡᠶᠢᠮᠦ ᠠᠴᠠ ᠶᠠᠭᠤᠨ ᠤ ᠡᠮᠦᠨ᠎ᠡ ᠲᠡᠭᠡᠭᠡᠪᠦᠷᠢ  ᠯᠤᠭᠢᠰᠲ᠋ᠢᠺ ᠤᠨ ᠳᠡᠳ᠋ ᠪᠦᠲᠦᠴᠡ ᠶᠢ ᠬᠥᠭᠵᠢᠭᠦᠯᠬᠦ ᠱᠠᠭᠠᠷᠳᠠᠯᠭ᠎ᠠ ᠲᠠᠢ ᠪᠠᠶᠢᠨ᠎ᠡ᠃ ᠢᠩᠭᠢᠭᠰᠡᠨ ᠢᠶᠠᠷ ᠬᠤᠳᠠᠯᠳᠤᠭ᠎ᠠ᠂ ᠪᠢᠽᠢᠨᠧᠰ  ᠤᠨ ᠣᠯᠠᠨ ᠪᠣᠯᠣᠮᠵᠢ ᠨᠡᠭᠡᠭᠡᠭᠳᠡᠨ᠎ᠡ ᠬᠡᠮᠡᠨ ᠸᠢᠶᠧᠲᠨᠠᠮ  ᠤᠨ ᠲᠡᠯ᠎ᠠ ᠦᠵᠡᠵᠦ ᠪᠠᠶᠢᠨ᠎ᠡ᠃
ᠮᠣᠩᠭᠤᠯ ᠠᠴᠠ ᠸᠢᠶᠧᠲᠨᠠᠮ ᠤᠷᠤᠭᠤ ᠦᠡᠭᠭᠡᠷᠡᠭᠰᠡᠠ ᠣᠨ ᠳᠤ ᠬᠤᠨᠢ᠂ ᠢᠮᠠᠭᠠᠨ ᠤ ᠮᠢᠬ᠎ᠠ᠂ ᠮᠠᠯ ᠤᠨ ᠳᠠᠶᠢᠪᠤᠷᠢ ᠪᠦᠲᠦᠭᠡᠭᠳᠡᠬᠦᠨ ᠵᠡᠷᠭᠡ 485 ᠮᠢᠩᠭᠠᠨ ᠳ᠋ᠣᠯᠯᠠᠷ ᠤᠨ ᠪᠠᠷᠠᠭ᠎ᠠ ᠪᠦᠲᠦᠭᠡᠭᠳᠡᠬᠦᠨ ᠭᠠᠷᠭᠠᠭᠰᠠᠨ ᠪᠣᠯ ᠸᠢᠶᠧᠲᠨᠠᠮ ᠤᠯᠤᠰ ᠠᠴᠠ ᠴᠡᠭᠠᠠ ᠪᠤᠳᠠᠭ᠎ᠠ᠂ ᠰᠢᠷ᠎ᠠ ᠪᠤᠷᠴᠠᠭ ᠤᠨ ᠲᠣᠰᠤ᠂ ᠯᠠᠵᠠᠯᠠᠭᠰᠠᠨ ᠰᠠᠮᠤᠷ᠂ ᠬᠠᠲᠠᠭᠠᠭᠰᠠᠨ ᠵᠢᠮᠢᠰ᠂ ᠬᠤᠪᠠᠨᠴᠢᠷ ᠰᠠᠪᠠ ᠪᠠᠭᠯᠠᠭ᠎ᠠ᠂ ᠪᠣᠭᠤᠳᠠᠯ ᠵᠡᠷᠭᠡ 80 ᠰᠠᠶ᠎ᠠ ᠭᠠᠷᠤᠢ ᠳ᠋ᠣᠯᠯᠠᠷ ᠤᠨ ᠪᠠᠷᠠᠭ᠎ᠠ ᠪᠦᠲᠦᠭᠡᠭᠳᠡᠬᠦᠨ ᠤᠷᠤᠭᠤᠯᠵᠠᠢ᠃

ᠰᠡᠳᠬᠢᠭᠳᠡᠯ ᠦᠯᠡᠳᠡᠭᠡᠬᠦ